Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠪᠠᠬᠠᠷᠬᠠᠯ ᠤᠨ ᠡᠳᠦᠷ ᠲᠦ ᠵᠣᠷᠢᠭᠤᠯᠤᠭᠰᠠᠨ ᠬᠦᠴᠦᠲᠦ ᠪᠥᠬᠡ ᠢᠢᠨ ᠪᠠᠷᠢᠯᠳᠤᠭᠠᠨ ᠳᠤ ᠲᠦᠷᠦᠭᠦᠯᠡᠵᠦ᠂ ᠦᠵᠦᠭᠦᠷᠯᠡᠭᠰᠡᠨ ᠪᠥᠬᠡᠴᠦᠳ ᠲᠥ ᠱᠠᠩᠨᠠᠯ ᠭᠠᠷᠳᠠᠭᠤᠯᠪᠠ

ᠡᠵᠡᠨ ᠪᠣᠭᠳᠠ ᠴᠢᠩᠭᠢᠰ ᠬᠠᠭᠠᠨ-ᠲᠡᠮᠦᠵᠢᠨ ᠦ ᠮᠡᠨᠳᠦᠯᠡᠭᠰᠡᠨ ᠡᠪᠦᠯ ᠦᠨ ᠲᠡᠷᠢᠭᠦᠨ ᠰᠠᠷ᠎ᠠ ᠢᠢᠨ ᠰᠢᠨ᠎ᠡ ᠢᠢᠨ ᠨᠢᠭᠡᠨ᠂ ᠮᠣᠩ᠋ᠭᠣᠯ ᠪᠠᠬᠠᠷᠬᠠᠯ ᠤᠨ ᠡᠳᠦᠷ ᠲᠥ ᠵᠣᠷᠢᠭᠤᠯᠤᠭᠰᠠᠨ ᠤᠯᠤᠰ᠂ ᠠᠢᠢᠮᠠᠭ ᠤᠨ ᠠᠯᠳᠠᠷ᠂ ᠴᠣᠯᠠ ᠲᠠᠢ ᠥᠨᠳᠥᠷ ᠴᠢᠨᠰᠠᠭ᠎ᠠ ᠲᠠᠢ ᠬᠦᠴᠦᠲᠦ 128 ᠪᠥᠬᠡ ᠢᠢᠨ ᠪᠠᠷᠢᠯᠳᠤᠭᠠᠨ ᠥᠨᠥᠳᠥᠷ 《ᠪᠤᠶᠠᠨᠲᠤ ᠬᠤᠸᠠ》 ᠰᠫᠣᠷᠲ ᠴᠣᠭᠴᠠᠯᠠᠪᠤᠷᠢ ᠳᠤ ᠪᠣᠯᠵᠤ ᠥᠨᠳᠥᠷᠯᠡᠯ᠎ᠡ᠃

 

ᠤᠯᠤᠰ ᠤᠨ ᠠᠪᠤᠷᠭᠤ ᠨ ∙ ᠪᠠᠲᠤᠰᠠᠭᠤᠷᠢ᠂ ᠤᠯᠤᠰ ᠤᠨ ᠠᠷᠰᠯᠠᠨ ᠫ ∙ ᠪᠦᠷᠢᠨᠲᠡᠭᠦᠰ᠂ ᠡ᠊ ∙ ᠣᠶᠤᠨᠪᠣᠯᠤᠳ ᠨᠠᠷ ᠤᠨ ᠮᠠᠩᠨᠠᠢᠢᠯᠠᠨ ᠪᠠᠷᠢᠯᠳᠤᠭᠰᠠᠨ ᠬᠦᠴᠦᠲᠦ 128 ᠪᠥᠬᠡ ᠢᠢᠨ ᠪᠠᠷᠢᠯᠳᠤᠭᠠᠨ ᠳᠤ᠄

 

ᠳᠣᠷᠣᠨᠠᠲᠤ ᠠᠢᠢᠮᠠᠭ ᠤᠨ ᠳᠠᠰᠢᠪᠠᠯᠪᠠᠷ ᠰᠤᠮᠤ ᠢᠢᠨ ᠬᠠᠷᠢᠶᠠᠲᠤ᠂ ᠣᠨᠴᠠᠭᠠᠢ ᠪᠠᠢᠢᠳᠠᠯ ᠤᠨ ᠶᠡᠷᠦᠩᠬᠡᠢ ᠭᠠᠵᠠᠷ ᠤᠨ 《ᠠᠪᠤᠷᠠᠭᠴᠢ》 ᠰᠫᠣᠷᠲ ᠬᠣᠷᠢᠶ᠎ᠠ᠂ 《ᠳᠣᠷᠣᠨ᠎ᠠ ᠢᠢᠨ ᠬᠦᠴᠦᠲᠡᠨ》 ᠳᠡᠪᠵᠢᠶᠡᠨ ᠦ ᠪᠥᠬᠡ᠂ ᠤᠯᠤᠰ ᠤᠨ ᠨᠠᠴᠢᠨ ᠳᠣ‍ ∙ ᠠᠨᠠᠷ ᠲᠦᠷᠦᠭᠦᠯᠡᠵᠦ᠂ ᠬᠣᠪᠳᠣ ᠠᠢᠢᠮᠠᠭ ᠤᠨ ᠵᠡᠷᠭᠡ ᠰᠤᠮᠤ ᠬᠠᠷᠢᠶᠠᠲᠤ᠂ 《ᠠᠯᠳᠠᠷ》 ᠰᠫᠣᠷᠲ ᠬᠣᠷᠢᠶ᠎ᠠ᠂ 《ᠬᠣᠪᠳᠣ》 ᠪᠥᠬᠡ ᠢᠢᠨ ᠳᠡᠪᠵᠢᠶᠡᠨ ᠦ ᠪᠥᠬᠡ᠂ ᠤᠯᠤᠰ ᠤᠨ ᠬᠠᠷᠴᠠᠭ᠎ᠠ ᠪ ∙ ᠪᠠᠲᠤ-ᠥᠯᠵᠡᠢ ᠦᠵᠦᠭᠦᠷᠯᠡᠯ᠎ᠡ᠃ ᠮᠥᠨ ᠶᠡᠬᠡ ᠰᠢᠪᠦᠭᠡ ᠳᠥ ᠤᠯᠤᠰ ᠤᠨ ᠭᠠᠷᠤᠳᠢ ᠪ ∙ ᠭᠣᠨᠴᠣᠭᠳᠠᠮᠪᠠ᠂ ᠤᠯᠤᠰ ᠤᠨ ᠬᠠᠷᠴᠠᠭ᠎ᠠ ᠮ ∙ ᠪᠠᠳᠢᠷᠴᠢ ᠨᠠᠷ ᠰᠢᠯᠭᠠᠷᠠᠭᠰᠠᠨ ᠶᠤᠮ᠃

 

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠲᠦᠷᠦᠭᠦᠯᠡᠵᠦ ᠦᠵᠦᠭᠦᠷᠯᠡᠭᠰᠡᠨ ᠪᠣᠯᠤᠨ ᠶᠡᠬᠡ ᠰᠢᠪᠦᠭᠡ ᠳᠥ ᠦᠯᠡᠳᠡᠭᠰᠡᠨ ᠪᠥᠬᠡᠴᠦᠳ ᠲᠥ ᠪᠠᠶᠠᠷ ᠬᠦᠷᠭᠡᠵᠦ᠂ ᠪᠠᠢ ᠱᠠᠩᠨᠠᠯ ᠢ ᠨᠢ ᠣᠯᠭᠤᠭᠰᠠᠨ ᠢᠶᠠᠷ ᠡᠨᠡ ᠵᠢᠯ ᠦᠨ ᠮᠣᠩ᠋ᠭᠣᠯ ᠪᠠᠬᠠᠷᠬᠠᠯ ᠤᠨ ᠡᠳᠦᠷ ᠲᠥ ᠵᠣᠷᠢᠭᠤᠯᠤᠭᠰᠠᠨ ᠬᠦᠴᠦᠲᠦ 128 ᠪᠥᠬᠡ ᠢᠢᠨ ᠪᠠᠷᠢᠯᠳᠤᠭᠠᠨ ᠥᠨᠳᠦᠷᠯᠡᠯ᠎ᠡ᠃