Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ 《ᠡᠷᠡᠭᠦᠯ ᠬᠡᠦᠬᠡᠳ ᠡᠬᠡ ᠣᠷᠣᠨ ᠤ ᠢᠷᠡᠭᠡᠳᠦᠢ》 ᠬᠡᠦᠬᠡᠳ ᠦᠨ ᠡᠮᠴᠢ ᠨᠠᠷ ᠤᠨ ᠤᠯᠤᠰ ᠤᠨ ᠵᠥᠪᠯᠡᠭᠡᠨ ᠳᠥ ᠦᠭᠡ ᠬᠡᠯᠡᠯ᠎ᠡ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠢᠪᠡᠭᠡᠯ ᠳᠣᠣᠷ᠎ᠠ ᠵᠣᠬᠢᠶᠠᠨ ᠪᠠᠢᠢᠭᠤᠯᠤᠭᠳᠠᠵᠤ ᠪᠤᠢ 《ᠡᠷᠡᠭᠦᠯ ᠬᠡᠦᠬᠡᠳ ᠡᠬᠡ ᠣᠷᠣᠨ ᠤ ᠢᠷᠡᠭᠡᠳᠦᠢ》 ᠬᠡᠦᠬᠡᠳ ᠦᠨ ᠡᠮᠴᠢ ᠨᠠᠷ ᠤᠨ ᠤᠯᠤᠰ ᠤᠨ ᠵᠥᠪᠯᠡᠭᠡᠨ ᠥᠨᠥᠳᠥᠷ ᠲᠥᠷᠥ ᠢᠢᠨ ᠣᠷᠳᠣᠨ ᠤ ᠶᠡᠬᠡ ᠲᠠᠩᠬᠢᠮ ᠳᠤ ᠪᠣᠯᠤᠯ᠎ᠠ᠃ ᠥᠨᠥᠳᠥᠷ ᠪᠠᠰᠠᠩ ᠭᠠᠷᠠᠭ ᠬᠡᠳᠦᠢ ᠴᠤ ᠮᠣᠩ᠋ᠭᠣᠯ ᠤᠯᠤᠰ ᠤᠨ ᠵᠠᠰᠠᠭ ᠤᠨ ᠭᠠᠵᠠᠷ ᠤᠨ ᠰᠢᠢᠳᠪᠦᠷᠢ ᠪᠡᠷ ᠠᠮᠠᠷᠠᠯᠲᠠ ᠢᠢᠨ ᠡᠳᠦᠷ ᠪᠣᠯᠭᠠᠨ ᠵᠠᠷᠯᠠᠭᠰᠠᠨ ᠢ ᠡᠰᠡ ᠲᠣᠭᠠᠴᠠᠨ ᠡᠨᠡᠬᠦ ᠵᠥᠪᠯᠡᠭᠡᠨ ᠳᠥ ᠣᠷᠣᠯᠴᠠᠭᠴᠢᠳ ᠰᠠᠯᠪᠤᠷᠢ ᠢᠢᠨ ᠢᠶᠠᠨ ᠲᠤᠯᠭᠠᠮᠳᠠᠭᠰᠠᠨ ᠠᠰᠠᠭᠤᠳᠠᠯ ᠢ ᠬᠡᠯᠡᠯᠴᠡᠬᠦ ᠪᠡᠷ ᠣᠯᠠᠭᠤᠯᠠ ᠪᠠᠨ ᠴᠤᠭᠯᠠᠷᠠᠵᠠᠢ᠃ ᠠᠮᠠᠷᠠᠯᠲᠠ ᠢᠢᠨ ᠡᠳᠦᠷ ᠢᠶᠡᠷ ᠠᠵᠢᠯᠯᠠᠵᠤ ᠠᠰᠠᠭᠤᠳᠠᠯ ᠢᠶᠠᠨ ᠶᠠᠷᠢᠯᠴᠠᠵᠤ ᠪᠠᠢᠢᠭ᠎ᠠ ᠲᠡᠳᠡᠨ ᠳᠥ ᠬᠠᠨᠳᠤᠨ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠦᠭᠡ ᠬᠡᠯᠡᠯ᠎ᠡ᠃

 

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠄

《ᠡᠷᠬᠢᠮ ᠬᠡᠦᠬᠡᠳ ᠦᠨ ᠡᠮᠴᠢ ᠨᠠᠷ᠂

ᠵᠥᠪᠯᠡᠭᠡᠨ ᠳᠥ ᠬᠦᠷᠦᠯᠴᠡᠨ ᠢᠷᠡᠭᠰᠡᠨ ᠵᠣᠴᠢᠳ ᠲᠠ ᠪᠦᠬᠦᠨ ᠳᠥ ᠡᠨᠡ ᠡᠳᠦᠷ ᠦᠨ ᠮᠡᠨᠳᠦ ᠢᠢ ᠳᠡᠪᠰᠢᠭᠦᠯᠦᠶ᠎ᠡ᠃

 

ᠮᠠᠨ ᠤ ᠬᠦᠮᠦᠨ ᠠᠮᠠ ᠢᠢᠨ 36 ᠬᠤᠪᠢ ᠢᠢ 16 ᠬᠦᠷᠲᠡᠯᠡᠬᠢ ᠨᠠᠰᠤᠨ ᠤ ᠬᠡᠦᠬᠡᠳ ᠦᠳ ᠡᠵᠡᠯᠡᠳᠡᠭ᠂ ᠮᠣᠩ᠋ᠭᠣᠯ ᠤᠯᠤᠰ ᠦᠨᠳᠦᠰᠦᠨ ᠳᠥ ᠪᠡᠨ ᠬᠡᠦᠬᠡᠳ᠂ ᠵᠠᠯᠠᠭᠤᠴᠤᠳ ᠤᠨ ᠣᠷᠣᠨ ᠪᠢᠯᠡ᠃ ᠪᠢᠳᠡ ᠡᠭᠦᠨ ᠢ ᠰᠠᠢᠢᠨ ᠮᠡᠳᠡᠨ᠎ᠡ᠃ ᠲᠡᠢᠢᠮᠦ ᠤᠴᠢᠷ ᠠᠴᠠ ᠬᠡᠦᠬᠡᠳ᠂ ᠵᠠᠯᠠᠭᠤᠰ ᠢ ᠡᠷᠡᠭᠦᠯ ᠰᠠᠷᠠᠭᠤᠯ ᠥᠰᠬᠡᠨ ᠪᠣᠢᠢᠵᠢᠭᠤᠯᠬᠤ ᠳᠤ ᠡᠮᠴᠢ ᠮᠡᠷᠭᠡᠵᠢᠯᠲᠡᠨ ᠦ ᠮᠡᠳᠡᠯᠭᠡ᠂ ᠤᠷ᠎ᠠ ᠴᠢᠳᠠᠪᠤᠷᠢ ᠴᠢᠬᠤᠯᠠ ᠠᠴᠢ ᠬᠣᠯᠪᠣᠭᠳᠠᠯ ᠲᠠᠢ᠃

 

ᠠᠯᠢᠪᠠ ᠤᠯᠤᠰ ᠤᠨ ᠬᠥᠭ᠍ᠵᠢᠯ ᠢ ᠬᠦᠮᠦᠨ ᠦ ᠬᠥᠭ᠍ᠵᠢᠯ ᠢᠶᠡᠷ᠂ ᠲᠡᠷᠡ ᠳᠤᠮᠳᠠ ᠪᠠᠨ ᠡᠬᠡ᠂ ᠬᠡᠦᠬᠡᠳ ᠦᠨ ᠡᠷᠡᠭᠦᠯ ᠮᠡᠨᠳᠦ ᠢᠢᠨ ᠦᠵᠡᠭᠦᠯᠦᠯᠲᠡ ᠪᠡᠷ ᠨᠢ ᠳ᠋ᠦᠩᠨᠡᠬᠦ ᠣᠯᠠᠨ ᠤᠯᠤᠰ ᠲᠤ ᠲᠣᠭᠲᠠᠭᠰᠠᠨ ᠵᠢᠱᠢᠭ ᠪᠤᠢ᠃ ХХ ᠵᠠᠭᠤᠨ ᠤ ᠡᠬᠢ ᠪᠡᠷ ᠮᠣᠩ᠋ᠭᠣᠯ ᠤᠯᠤᠰ 600 ᠮᠢᠩ᠋ᠭᠠᠨ ᠬᠦᠮᠦᠨ ᠠᠮᠠ ᠲᠠᠢ᠂ ᠨᠢᠷᠠᠢ ᠢᠢᠨ ᠪᠠᠷᠤᠭ 50 ᠬᠤᠪᠢ ᠨᠢ ᠲᠥᠷᠥᠬᠦ ᠦᠶ᠎ᠡ ᠳᠥ ᠪᠣᠯᠤᠨ ᠲᠥᠷᠦᠭᠰᠡᠨ ᠦ ᠳᠠᠷᠠᠭ᠎ᠠ ᠡᠨᠳᠡᠳᠡᠭ ᠪᠠᠢᠢᠵᠠᠢ᠃ ХХI ᠵᠠᠭᠤᠨ ᠤ ᠡᠬᠢ ᠪᠡᠷ ᠪᠤᠶᠤ 2015 ᠣᠨ ᠭᠡᠬᠦ ᠳᠥ ᠮᠣᠩ᠋ᠭᠣᠯ ᠤᠯᠤᠰ ᠨᠢᠷᠠᠢ ᠢᠢᠨ ᠡᠨᠳᠡᠭᠳᠡᠯ ᠢ ᠡᠷᠡᠰ ᠪᠠᠭᠠᠰᠬᠠᠵᠤ ᠮᠢᠩ᠋ᠭᠠᠨ ᠤ ᠬᠥᠭ᠍ᠵᠢᠯ ᠦᠨ ᠵᠣᠷᠢᠯᠲᠠ ᠢᠢ ᠬᠠᠩ᠋ᠭᠠᠭᠰᠠᠨ ᠳᠡᠯᠡᠬᠡᠢ ᠢᠢᠨ 9 ᠣᠷᠣᠨ ᠤ ᠨᠢᠭᠡ ᠪᠡᠷ ᠰᠢᠯᠭᠠᠷᠠᠭᠰᠠᠨ ᠪᠠᠢᠢᠳᠠᠭ ᠶᠤᠮ ᠪᠠᠢᠢᠨ᠎ᠠ᠃

 

ᠮᠢᠩ᠋ᠭᠠᠨ ᠤ ᠬᠥᠭ᠍ᠵᠢᠯ ᠦᠨ ᠵᠣᠷᠢᠯᠲᠠ ᠢᠢ ᠬᠠᠩ᠋ᠭᠠᠵᠤ᠂ ᠮᠢᠩ᠋ᠭᠠᠨ ᠠᠮᠢᠳᠤ ᠲᠥᠷᠥᠯᠲᠡ ᠳᠥ ᠨᠣᠭᠳᠠᠬᠤ ᠨᠢᠯᠬᠠᠰ ᠤᠨ ᠡᠨᠳᠡᠭᠳᠡᠯ ᠢ 4.7 ᠳᠠᠬᠢᠨ᠂ 5 ᠬᠦᠷᠲᠡᠯᠡᠬᠢ ᠨᠠᠰᠤᠨ ᠤ ᠬᠡᠦᠬᠡᠳ ᠦᠨ ᠡᠨᠳᠡᠭᠳᠡᠯ ᠢ 5.2 ᠳᠠᠬᠢᠨ ᠪᠠᠭᠤᠷᠠᠭᠤᠯᠬᠤ ᠳᠤ ᠬᠡᠦᠬᠡᠳ ᠦᠨ ᠡᠮᠴᠢ ᠂ ᠠᠰᠠᠷᠠᠭᠴᠢ᠂ ᠰᠤᠪᠢᠯᠠᠭᠴᠢ ᠨᠠᠷ ᠤᠨ ᠣᠷᠣᠭᠤᠯᠤᠭᠰᠠᠨ ᠬᠤᠪᠢ ᠨᠡᠮᠡᠷᠢ᠂ ᠰᠡᠳᠬᠢᠯ ᠵᠢᠳᠬᠦᠯ ᠨᠡᠩ ᠶᠡᠬᠡ ᠪᠠᠢᠢᠳᠠᠭ ᠢ ᠬᠡᠯᠡᠬᠦ ᠳᠥ ᠲᠠᠭᠠᠲᠠᠢ ᠪᠠᠢᠢᠨ᠎ᠠ᠃

 

ᠴᠢᠨᠠᠭᠰᠢᠳᠠ ᠠᠩᠬᠠᠷᠴᠤ᠂ ᠰᠠᠢᠢᠵᠢᠷᠠᠭᠤᠯᠬᠤ ᠵᠦᠢᠯᠡᠰ ᠪᠢᠳᠡᠨ ᠳᠥ ᠴᠥᠭᠡᠨ ᠦᠭᠡᠢ ᠪᠤᠢ᠃ ᠰᠡᠳᠬᠢᠯ ᠵᠣᠪᠠᠭᠠᠵᠤ ᠪᠤᠢ ᠲᠣᠭᠠᠨ ᠨᠤᠭᠤᠳ ᠢ ᠳᠤᠷᠠᠳᠬᠤ ᠳᠤ ᠴᠤ ᠬᠦᠨᠳᠦ ᠪᠠᠢᠢᠨ᠎ᠠ᠃ ᠲᠠᠪᠤ ᠬᠦᠷᠲᠡᠯᠡᠬᠢ ᠨᠠᠰᠤᠨ ᠳᠤ ᠪᠠᠨ ᠡᠩᠳᠡᠭᠰᠡᠨ ᠬᠡᠦᠬᠡᠳ ᠦᠳ ᠦᠨ 86.4 ᠬᠤᠪᠢ ᠨᠢ ᠡᠪᠡᠳᠴᠢᠨ ᠢᠶᠡᠷ᠂ 13.6 ᠬᠤᠪᠢ ᠨᠢ ᠣᠰᠣᠯ᠂ ᠭᠡᠮᠲᠦᠯ ᠦᠨ ᠤᠯᠠᠮ ᠠᠴᠠ ᠡᠩᠳᠡᠭᠰᠡᠨ ᠪᠠ 72.6 ᠬᠤᠪᠢ ᠨᠢ ᠡᠮᠨᠡᠯᠭᠡ ᠳᠥ᠂ 27.4 ᠬᠤᠪᠢ ᠨᠢ ᠡᠮᠨᠡᠯᠭᠡ ᠡᠴᠡ ᠭᠠᠳᠠᠭᠤᠷ ᠡᠨᠳᠡᠵᠦ ᠪᠠᠢᠢᠨ᠎ᠠ᠃ ᠬᠦᠢᠲᠡᠨ ᠦ ᠤᠯᠠᠷᠢᠯ ᠳᠤ ᠠᠭᠠᠷ ᠤᠨ ᠪᠣᠬᠢᠷᠳᠠᠯ ᠪᠣᠯᠤᠨ ᠠᠮᠢᠰᠬᠤᠯ ᠤᠨ ᠵᠠᠮ ᠤᠨ ᠬᠠᠯᠳᠠᠪᠤᠷᠢᠲᠤ ᠡᠪᠡᠳᠴᠢᠨ ᠦ ᠲᠠᠷᠬᠠᠯᠲᠠ ᠢᠢᠨ ᠤᠯᠠᠮ ᠠᠴᠠ ᠨᠢᠯᠬ᠎ᠠ ᠬᠡᠦᠬᠡᠳ ᠦᠳ ᠣᠯᠠᠨ ᠢᠶᠠᠷ ᠢᠶᠠᠨ ᠡᠪᠡᠳᠴᠦ᠂ ᠲᠡᠳᠡᠨ ᠢ ᠬᠦᠯᠢᠶᠡᠨ ᠠᠪᠬᠤ ᠡᠮᠨᠡᠯᠭᠡ ᠢᠢᠨ ᠣᠷᠣ ᠬᠦᠷᠦᠯᠴᠡᠬᠦ ᠦᠭᠡᠢ᠂ ᠠᠴᠢᠶᠠᠯᠠᠯ ᠢᠶᠠᠨ ᠳᠡᠢᠢᠯᠬᠦ ᠦᠭᠡᠢ ᠪᠠᠢᠢᠭ᠎ᠠ ᠢᠢ ᠥᠩ᠋ᠭᠡᠷᠡᠭᠰᠡᠨ ᠡᠪᠦᠯ ᠪᠡᠶ᠎ᠡ ᠪᠡᠷ ᠶᠠᠪᠤᠵᠤ ᠬᠠᠷᠠᠭᠰᠠᠨ᠃ ᠲᠡᠷᠡᠨ ᠡᠴᠡ ᠬᠣᠢᠢᠰᠢ ᠨᠥᠬᠥᠴᠡᠯ ᠪᠠᠢᠢᠳᠠᠯ ᠰᠠᠢᠢᠵᠢᠷᠠᠭᠰᠠᠨ ᠭᠡᠵᠦ ᠢᠲᠡᠭᠡᠬᠦ ᠦᠭᠡᠢ ᠪᠠᠢᠢᠨ᠎ᠠ᠃ ᠡᠨᠡ ᠲᠠᠯ᠎ᠠ ᠳᠡᠭᠡᠷ᠎ᠡ ᠰᠠᠯᠪᠤᠷᠢ ᠢᠢᠨ ᠰᠠᠢᠢᠳ ᠠᠩᠬᠠᠷᠤᠯ ᠬᠠᠨᠳᠤᠭᠤᠯᠵᠤ᠂ ᠵᠠᠰᠠᠭ ᠤᠨ ᠭᠠᠵᠠᠷ ᠬᠤᠪᠢ ᠨᠡᠮᠡᠷᠢ ᠤᠷᠤᠭᠤᠯᠬᠤ ᠪᠠᠢᠢᠬᠤ ᠭᠡᠵᠦ ᠪᠣᠳᠣᠵᠤ ᠪᠠᠢᠢᠨ᠎ᠠ᠃

 

ᠭᠡᠲᠡᠯ᠎ᠡ 2019 ᠣᠨ ᠤ ᠤᠯᠤᠰ ᠤᠨ ᠲᠥᠰᠥᠪ ᠲᠥ ᠨᠢᠯᠬ᠎ᠠ ᠬᠡᠦᠬᠡᠳ ᠦᠨ ᠡᠷᠡᠭᠦᠯ ᠮᠡᠨᠳᠦ ᠢᠢ ᠬᠠᠮᠠᠭᠠᠯᠠᠬᠤ᠂ ᠡᠮᠨᠡᠯᠭᠡ ᠢᠢᠨ ᠨᠥᠬᠥᠴᠡᠯ ᠪᠠᠢᠢᠳᠠᠯ ᠢ ᠰᠠᠢᠢᠵᠢᠷᠠᠭᠤᠯᠬᠤ᠂ ᠡᠮᠴᠢ᠂ ᠰᠤᠪᠢᠯᠠᠭᠴᠢᠳ ᠤᠨ ᠴᠠᠯᠢᠩ᠂ ᠨᠡᠢᠢᠭᠡᠮ ᠤᠨ ᠠᠰᠠᠭᠤᠳᠠᠯ ᠢ ᠰᠢᠢᠳᠪᠦᠷᠢᠯᠡᠬᠦ ᠴᠢᠭᠯᠡᠯ ᠢᠶᠡᠷ ᠣᠯᠢᠭᠲᠠᠢ ᠬᠥᠷᠥᠩ᠋ᠭᠡ ᠲᠥᠰᠥᠪᠯᠡᠭᠡ ᠦᠭᠡᠢ ᠪᠠᠢᠢᠭ᠎ᠠ᠃ ᠲᠥᠰᠥᠪ ᠦᠨ ᠵᠠᠷᠤᠳᠠᠯ ᠢ ᠲᠠᠨᠤᠬᠤ᠂ ᠶᠠᠳᠠᠵᠤ 15 ᠬᠤᠪᠢ ᠢᠢᠨ ᠬᠡᠮᠨᠡᠯ ᠳᠥ ᠭᠠᠷᠭᠠᠬᠤ ᠰᠠᠨᠠᠯ ᠬᠦᠷᠭᠡᠭᠦᠯᠦᠭᠰᠡᠭᠡᠷ ᠪᠠᠢᠢᠲᠠᠯ᠎ᠠ ᠤᠯᠤᠰ ᠤᠨ ᠶᠡᠬᠡ ᠬᠤᠷᠠᠯ ᠤᠨ ᠭᠡᠰᠢᠭᠦᠳ ᠥᠪᠡᠷᠰᠡᠳ ᠦᠨ ᠲᠣᠭᠣᠷᠢᠭ ᠲᠤ ᠪᠠᠨ ᠵᠠᠷᠤᠴᠠᠭᠤᠯᠬᠤ ᠮᠥᠩ᠋ᠭᠥᠨ ᠦ ᠲᠣᠭ᠎ᠠ ᠢᠢ 5 ᠲᠡᠷᠪᠤᠮ ᠠᠴᠠ 8 ᠲᠡᠷᠪᠤᠮ ᠬᠦᠷᠲᠡᠯ᠎ᠡ ᠥᠰᠬᠡᠭ᠍ᠰᠡᠨ ᠡᠮᠭᠡᠨᠢᠯᠲᠡᠢ ᠨᠥᠬᠥᠴᠡᠯ ᠪᠠᠢᠢᠳᠠᠯ ᠲᠠ ᠪᠢᠳᠡᠨ ᠦ ᠨᠢᠳᠦᠨ ᠳᠡᠭᠡᠷ᠎ᠡ ᠢᠯᠡ ᠪᠠᠢᠢᠭ᠎ᠠ ᠢᠢ ᠣᠯᠠᠨ ᠪᠥᠭᠥᠳᠡᠭᠡᠷ ᠢᠶᠡᠨ ᠬᠠᠷᠤᠭᠰᠠᠭᠠᠷ᠂ ᠰᠣᠨᠣᠰᠤᠭᠰᠠᠭᠠᠷ ᠪᠤᠬᠢᠨᠢᠲᠤᠭᠰᠠᠭᠠᠷ ᠯᠠ ᠰᠠᠭᠤᠵᠤ ᠪᠠᠢᠢᠨ᠎ᠠ᠃

 

ᠬᠡᠷᠪᠡ ᠤᠯᠤᠰ ᠤᠨ ᠶᠡᠬᠡ ᠬᠤᠷᠠᠯ ᠤᠨ ᠳᠠᠷᠤᠭ᠎ᠠ ᠨᠢ ᠲᠥᠰᠥᠪ ᠦᠨ ᠵᠠᠷᠤᠳᠠᠯ ᠢ 10 ᠬᠤᠪᠢ᠂ ᠶᠡᠷᠦᠩᠬᠡᠢᠢᠯᠡᠭᠴᠢ ᠢᠢᠨ ᠵᠦᠭ ᠡᠴᠡ 15 ᠬᠤᠪᠢ ᠬᠡᠮᠨᠡᠬᠦ ᠰᠠᠨᠠᠯ ᠭᠠᠷᠭᠠᠭᠰᠠᠨ ᠢ ᠬᠡᠷᠡᠭᠵᠢᠭᠦᠯᠪᠡᠯ 500 ᠰᠠᠶ᠎ᠠ ᠠᠮ‍.ᠳ᠋ᠣᠯᠯᠠᠷ ᠪᠤᠶᠤ 1᠂3 ᠶᠡᠬᠡ ᠨᠠᠶᠤᠳ ᠲᠥᠭᠥᠷᠢᠭ᠌ ᠰᠤᠯᠠᠷᠠᠬᠤ ᠪᠣᠯᠤᠮᠵᠢ ᠪᠠᠢᠢᠭᠰᠠᠨ᠃ ᠡᠨᠡ ᠮᠥᠩ᠋ᠭᠥᠨ ᠡᠴᠡ ᠡᠷᠡᠭᠦᠯ ᠮᠡᠨᠳᠦ ᠢᠢᠨ ᠰᠠᠯᠪᠤᠷᠢ ᠳᠤ ᠲᠤᠯᠭᠠᠮᠳᠠᠭᠰᠠᠨ ᠣᠯᠠᠨ ᠠᠰᠠᠭᠤᠳᠠᠯ ᠢ ᠰᠢᠢᠳᠪᠦᠷᠢᠯᠡᠵᠦ ᠪᠣᠯᠤᠨ᠎ᠠ᠃ ᠭᠡᠲᠡᠯ᠎ᠡ ᠲᠠ ᠪᠢᠳᠡᠨ ᠦ ᠢᠲᠡᠭᠡᠯ ᠢ ᠠᠪᠴᠤ ᠰᠣᠩ᠋ᠭᠣᠭᠳᠠᠭᠰᠠᠨ ᠡᠷᠬᠢᠮ ᠭᠡᠰᠢᠭᠦᠳ ᠮᠠᠨᠢ ᠡᠨᠡ ᠲᠠᠯ᠎ᠠ ᠪᠠᠷ ᠪᠣᠳᠣᠬᠤ ᠢᠢ ᠴᠤ ᠬᠦᠰᠡᠬᠦ ᠦᠭᠡᠢ᠂ ᠵᠥᠪᠬᠡᠨ ᠠᠢᠢᠰᠤᠢ ᠰᠣᠩ᠋ᠭᠣᠭᠤᠯᠢ ᠳᠤ ᠯᠠ ᠪᠡᠯᠡᠳᠬᠡᠭᠡᠳ᠂ ᠬᠦᠥ ᠪᠠᠭ᠎ᠠ ᠲᠠᠢ ᠨᠡᠩ ᠬᠥᠩ᠋ᠭᠡᠯᠡᠯᠲᠡ ᠲᠡᠢ ᠨᠥᠬᠥᠴᠡᠯ ᠪᠦᠬᠦᠢ ᠵᠡᠭᠡᠯᠢ ᠠᠪᠬᠤ ᠪᠠᠷ ᠤᠷᠤᠯᠳᠤᠵᠤ ᠪᠠᠢᠢᠭ᠎ᠠ ᠢᠢ ᠯᠠ ᠪᠢᠳᠡ ᠬᠠᠷᠠᠵᠤ᠂ ᠡᠮᠭᠡᠨᠢᠨ ᠪᠠᠢᠢᠨ᠎ᠠ᠃ ᠤᠯᠤᠰ ᠤᠨ ᠶᠡᠬᠡ ᠬᠤᠷᠠᠯ ᠢᠢᠨ ᠭᠡᠰᠢᠭᠦᠨ ᠭᠡᠳᠡᠭ ᠪᠣᠯ ᠴᠡᠪᠡᠷ ᠢᠲᠡᠭᠡᠯ ᠦᠨ ᠠᠯᠪᠠᠨ ᠲᠤᠰᠢᠶᠠᠯ᠃ ᠲᠡᠢᠢᠨ ᠪᠠᠢᠢᠲᠠᠯ᠎ᠠ ᠣᠯᠠᠨ ᠤ ᠢᠲᠡᠭᠡᠯ ᠢ ᠤᠷᠪᠠᠭᠤᠯᠤᠨ ᠠᠰᠢᠭᠯᠠᠨ᠎ᠠ ᠭᠡᠳᠡᠭ ᠪᠣᠯ ᠬᠦᠯᠢᠴᠡᠵᠦ᠂ ᠲᠡᠪᠴᠢᠵᠦ ᠪᠣᠯᠣᠰᠢ ᠦᠭᠡᠢ ᠭᠡᠮᠲᠦ ᠦᠢᠯᠡᠳᠦᠯ ᠮᠥᠨ᠃ ᠡᠮᠴᠢ᠂ ᠪᠠᠭᠰᠢ ᠨᠠᠷ ᠤᠨ ᠴᠠᠯᠢᠩ ᠢ ᠨᠡᠮᠡᠬᠦ ᠮᠥᠩ᠋ᠭᠥ ᠪᠠᠢᠢᠬᠤ ᠦᠭᠡᠢ ᠭᠡᠵᠦ ᠪᠠᠢᠢᠭᠰᠠᠨ᠃ ᠦᠨᠡᠨ ᠬᠡᠷᠡᠭ ᠳᠡᠭᠡᠷ᠎ᠡ ᠪᠡᠨ ᠶᠠᠮᠠᠷ ᠶᠡᠬᠡ ᠪᠣᠯᠤᠮᠵᠢ ᠪᠠᠢᠢᠭᠰᠠᠨ ᠢ ᠵᠢᠵᠢᠭ ᠳᠤᠮᠳᠠ ᠦᠢᠢ;ᠡᠳᠪᠦᠷᠢᠯᠡᠯ ᠢ ᠳᠡᠮᠵᠢᠬᠦ ᠰᠡᠩ ᠦᠨ ᠵᠡᠭᠡᠯᠢ ᠢᠢ ᠡᠷᠬᠡ ᠮᠡᠳᠡᠯᠲᠡᠨ ᠨᠦᠭᠦᠳ ᠬᠤᠪᠢᠶᠠᠵᠤ ᠠᠪᠤᠭᠰᠠᠨ ᠶᠠᠪᠤᠳᠠᠯ ᠲᠣᠳᠣ ᠬᠠᠷᠠᠭᠤᠯᠤᠯ᠎ᠠ᠃

 

ᠲᠠ ᠪᠦᠬᠦᠨ ᠡᠨᠡᠬᠦ ᠴᠢᠭᠤᠯᠭᠠᠨ ᠳᠡᠭᠡᠷ᠎ᠡ ᠴᠢᠨᠠᠭᠰᠢᠳᠠ ᠢᠢᠨ ᠵᠣᠷᠢᠯᠲᠠ ᠪᠠᠨ ᠪᠡᠶᠡᠯᠡᠭᠦᠯᠬᠦ ᠢᠢᠨ ᠲᠤᠯᠠᠳᠠ ᠶᠠᠮᠠᠷ ᠥᠭᠡᠷᠡᠴᠢᠯᠡᠯᠲᠡ᠂ ᠰᠠᠢᠢᠵᠢᠷᠠᠭᠤᠯᠤᠯᠲᠠ ᠬᠢᠬᠦ ᠲᠠᠯ᠎ᠠ ᠪᠠᠷ ᠨᠤᠬᠤᠴᠠᠲᠠᠢ ᠬᠡᠯᠡᠯᠴᠡᠵᠦ᠂ ᠲᠣᠳᠣᠷᠬᠠᠢ ᠰᠠᠨᠠᠯ ᠭᠠᠷᠭᠠᠭᠠᠷᠠᠢ᠃ ᠭᠡᠬᠦ ᠳᠥ ᠪᠡᠨ ᠲᠠ ᠪᠦᠬᠦᠨ ᠦ ᠲᠥᠯᠥᠪᠯᠡᠭᠰᠡᠨ᠂ ᠵᠣᠷᠢᠭᠰᠠᠨ ᠠᠵᠢᠯ᠂ ᠬᠥᠷᠥᠩ᠋ᠭᠡ ᠣᠷᠣᠭᠤᠯᠤᠯᠲᠠ ᠵᠥᠪ᠂ ᠣᠨᠣᠪᠴᠢᠲᠠᠢ ᠪᠠᠢᠢᠬᠤ ᠡᠰᠡᠬᠦ ᠨᠢ ᠲᠠ ᠪᠦᠬᠦᠨ ᠡᠴᠡ ᠭᠡᠬᠦ ᠡᠴᠡ ᠪᠡᠨ ᠢᠯᠡᠭᠦᠦ ᠲᠡᠢ ᠰᠠᠯᠪᠤᠷᠢ ᠢᠢᠨ ᠤᠳᠤᠷᠢᠳᠤᠯᠭ᠎ᠠ᠂ ᠨᠡᠢᠢᠲᠡ ᠤᠯᠤᠰ ᠣᠷᠣᠨ ᠤ ᠵᠠᠰᠠᠭᠯᠠᠯ ᠳᠤ ᠰᠢᠳᠤᠷᠭᠤ ᠶᠣᠰᠣ᠂ ᠬᠠᠤᠯᠢ ᠢᠢᠨ ᠵᠠᠰᠠᠭᠯᠠᠯ ᠬᠡᠷᠡᠭᠵᠢᠵᠦ ᠴᠢᠳᠠᠬᠤ ᠡᠰᠡᠬᠦ ᠡᠴᠡ ᠯᠠ ᠬᠠᠮᠢᠶᠠᠷᠤᠨ᠎ᠠ ᠭᠡᠳᠡᠭ ᠢ ᠪᠣᠯᠭᠣᠭᠠᠵᠤ᠂ ᠲᠣᠭᠠᠴᠠᠨ᠎ᠠ ᠪᠢᠵᠡ ᠡ᠃

 

ᠪᠢᠳᠡ ᠣᠳᠣ ᠯᠠ ᠡᠷᠡᠰ ᠰᠢᠨᠡᠴᠢᠯᠡᠬᠦ ᠦᠭᠡᠢ ᠪᠣᠯ᠂ ᠢᠷᠭᠡᠳ ᠨᠡᠢᠢᠲᠡ ᠪᠡᠷ ᠢᠶᠡᠨ ᠱᠠᠭᠠᠷᠳᠠᠵᠤ᠂ ᠵᠠᠰᠠᠵᠤ ᠰᠠᠢᠢᠵᠢᠷᠠᠭᠤᠯᠬᠤ ᠦᠭᠡᠢ ᠪᠣᠯ ᠪᠦᠬᠦ ᠵᠦᠢᠯ ᠬᠠᠲᠠᠩ᠋ᠭᠢᠷᠰᠢᠵᠤ᠂ ᠤᠷᠤᠭᠤᠳᠠᠬᠤ ᠳᠤᠷᠤᠢᠢᠲᠠᠬᠤ ᠵᠠᠮ ᠤᠷᠤᠭᠤ ᠪᠠᠨ ᠤᠷᠤᠬᠤ ᠴᠢᠭᠯᠡᠯ ᠲᠣᠳᠣᠷᠠᠵᠤ ᠪᠠᠢᠢᠭ᠎ᠠ ᠨᠢ ᠮᠣᠩ᠋ᠭᠣᠯ ᠤᠨ ᠡᠮᠭᠡᠨᠢᠯ ᠶᠤᠮ᠃

 

ᠭᠠᠭᠴᠠ ᠡᠷᠡᠭᠦᠯ ᠮᠡᠨᠳᠦ ᠢᠢᠨ ᠰᠠᠯᠪᠤᠷᠢ ᠳᠤ ᠭᠡᠯᠲᠡ ᠦᠭᠡᠢ ᠮᠣᠩ᠋ᠭᠣᠯ ᠤᠨ ᠨᠡᠢᠢᠭᠡᠮ ᠤᠨ ᠪᠡᠷᠬᠡᠰᠢᠶᠡᠯ᠂ ᠬᠦᠨᠳᠦᠷᠡᠯ ᠨᠢ ᠳᠡᠭᠡᠷ᠎ᠡ ᠪᠡᠨ ᠰᠢᠳᠤᠷᠭᠤ ᠵᠠᠰᠠᠭᠯᠠᠵᠤ ᠴᠢᠳᠠᠬᠤ ᠦᠭᠡᠢ ᠪᠠᠢᠢᠭ᠎ᠠ ᠠᠴᠠ ᠭᠣᠣᠯᠯᠠᠨ ᠬᠠᠮᠢᠶᠠᠷᠠᠵᠤ ᠪᠠᠢᠢᠭ᠎ᠠ ᠢᠢ ᠪᠢᠳᠡ ᠪᠦᠭᠦᠳᠡ ᠮᠡᠳᠡᠵᠦ ᠪᠠᠢᠢᠨ᠎ᠠ᠃ ᠵᠢᠷ ᠦᠨ ᠠᠵᠢᠯᠲᠠᠨ ᠠᠵᠢᠯᠴᠢᠳ᠂ ᠡᠮᠴᠢ ᠰᠤᠪᠢᠯᠠᠭᠴᠢᠳ ᠪᠣᠯ ᠠᠵᠢᠯ ᠳᠤ ᠪᠠᠨ ᠴᠢᠩ ᠰᠡᠳᠬᠢᠯ ᠡᠴᠡ ᠪᠡᠨ ᠬᠠᠨᠳᠤᠵᠤ᠂ ᠥᠪᠡᠷᠰᠡᠳ ᠦᠨ ᠠᠮᠢᠳᠤᠷᠠᠯ ᠤᠨ ᠪᠡᠷᠬᠡᠰᠢᠶᠡᠯ ᠢ ᠬᠣᠢᠢᠰᠢ ᠲᠠᠯᠪᠢᠨ ᠬᠦᠮᠦᠨ ᠠᠷᠠᠳ ᠤᠨ ᠢᠶᠠᠨ ᠡᠷᠡᠭᠦᠯ ᠮᠡᠨᠳᠦ ᠢᠢᠨ ᠮᠠᠨᠠᠭᠠᠨ ᠳᠤ ᠡᠳᠦᠷ ᠰᠥᠨᠢ ᠢᠯᠭᠠᠯ ᠦᠭᠡᠢ ᠵᠣᠭᠰᠣᠵᠤ ᠪᠠᠢᠢᠭ᠎ᠠ᠂ ᠢᠷᠭᠡᠳ ᠲᠥ ᠪᠡᠨ ᠥᠪᠡᠷᠰᠡᠳ ᠦᠨ ᠪᠣᠯᠤᠮᠵᠢ ᠠᠴᠠ ᠴᠤ ᠳᠠᠪᠠᠭᠰᠠᠨ ᠦᠢᠯᠡᠴᠢᠯᠡᠭᠡ ᠢᠢ ᠦᠵᠡᠭᠦᠯᠦᠭᠰᠡᠭᠡᠷ ᠪᠠᠢᠢᠭ᠎ᠠ ᠲᠠ ᠪᠦᠬᠦᠨ ᠦ ᠬᠢᠴᠢᠶᠡᠯ ᠵᠢᠳᠬᠦᠯ ᠳᠥ᠂ ᠲᠦᠮᠡᠨ ᠦ ᠪᠡᠨ ᠲᠥᠯᠦᠭᠡᠬᠢ ᠴᠢᠨ ᠰᠡᠳᠬᠢᠯ ᠳᠥ ᠲᠠᠨᠢ ᠨᠡᠢᠢᠲᠡ ᠢᠷᠭᠡᠳ ᠦᠨ ᠢᠶᠡᠨ ᠡᠮᠦᠨ᠎ᠡ ᠡᠴᠡ ᠬᠦᠨᠳᠦᠳᠬᠡᠯ ᠢᠯᠡᠷᠬᠡᠢᠢᠯᠡᠶ᠎ᠡ᠃

 

ᠮᠥᠨ ᠬᠡᠯᠡᠬᠦ ᠦᠭᠡᠢ ᠪᠠᠢᠢᠵᠤ ᠪᠣᠯᠬᠤ ᠦᠭᠡᠢ ᠬᠡᠳᠦ᠂ ᠬᠡᠳᠦᠨ ᠰᠢᠭᠦᠮᠵᠢᠯᠡᠯ ᠬᠡᠯᠡᠶ᠎ᠡ᠃ ᠥᠨᠥᠳᠥᠷ 21 ᠍ ᠳᠦᠭᠡᠷ ᠵᠠᠭᠤᠨ ᠳᠤ ᠬᠥᠳᠡᠭᠡ ᠣᠷᠣᠨ ᠨᠤᠲᠤᠭ ᠲᠤ᠂ ᠢᠯᠠᠩ᠋ᠭᠤᠶ᠎ᠠ ᠠᠯᠤᠰᠯᠠᠭᠳᠠᠭᠰᠠᠨ ᠰᠤᠮᠤᠳ ᠲᠤ ᠤᠯᠤᠰ ᠤᠨ ᠲᠥᠰᠥᠪ ᠢᠶᠡᠷ ᠪᠠᠷᠢᠭᠳᠠᠵᠤ ᠪᠠᠢᠢᠭ᠎ᠠ ᠴᠡᠴᠡᠷᠯᠢᠭ᠂ ᠰᠤᠷᠭᠠᠭᠤᠯᠢ᠂ ᠡᠮᠨᠡᠯᠭᠡ ᠢᠢᠨ ᠪᠠᠢᠢᠷᠢ ᠳᠣᠲᠣᠷ᠎ᠠ ᠪᠠᠨ ᠬᠠᠯᠠᠭᠤᠨ᠂ ᠬᠦᠢᠲᠡᠨ ᠤᠰᠤ ᠦᠭᠡᠢ᠂ ᠪᠡᠶ᠎ᠡ ᠵᠠᠰᠠᠬᠤ ᠭᠠᠵᠠᠷ ᠦᠭᠡᠢ ᠪᠠᠢᠢᠨ᠎ᠠ᠃ ᠡᠢᠢᠮᠦ ᠪᠠᠢᠢᠷᠢ ᠢᠢ ᠤᠯᠤᠰ ᠤᠨ ᠲᠥᠰᠥᠪ ᠲᠥ ᠰᠠᠭᠤᠯᠭᠠᠵᠤ᠂ ᠪᠠᠷᠢᠭᠰᠠᠭᠠᠷ ᠪᠠᠢᠢᠨ᠎ᠠ᠃ ᠲᠥᠰᠥᠪ ᠢ ᠦᠨᠡᠬᠡᠷ ᠡᠢᠢᠮᠦᠷᠬᠡᠦ ᠵᠦᠢᠯ ᠳᠥ ᠦᠷᠦᠭᠰᠡᠭᠡᠷ ᠪᠠᠢᠢᠬᠤ ᠤᠤ᠂ ᠭᠡᠳᠡᠭ ᠲᠥ ᠲᠣᠳᠣᠷᠬᠠᠢ ᠰᠠᠨᠠᠯ ᠬᠡᠯᠡᠬᠦ ᠬᠡᠷᠡᠭᠲᠡᠢ᠃ ᠢᠯᠠᠩ᠋ᠭᠤᠶ᠎ᠠ᠂ ᠰᠠᠯᠪᠤᠷᠢ ᠢᠢᠨ ᠰᠠᠢᠢᠳ ᠨᠢ ᠲᠣᠳᠣᠷᠬᠠᠢ ᠰᠠᠨᠠᠯ ᠭᠠᠷᠭᠠᠵᠤ᠂ ᠵᠠᠰᠠᠭ ᠤᠨ ᠭᠠᠵᠠᠷ ᠲᠤ ᠪᠠᠨ ᠬᠦᠷᠭᠡᠭᠦᠯᠬᠦ ᠬᠡᠷᠡᠭᠲᠡᠢ᠃ ᠥᠨᠥᠳᠥᠷ ᠦᠨ ᠬᠤᠷᠠᠯ ᠳᠤ ᠰᠠᠩ ᠤᠨ ᠰᠠᠢᠢᠳ ᠢ ᠣᠷᠤᠯᠴᠠᠭᠤᠯᠤᠨ ᠡᠭᠦᠷᠭᠡ᠂ ᠴᠢᠭᠯᠡᠯ ᠥᠭ᠍ᠬᠦ ᠬᠡᠷᠡᠭᠲᠡᠢ ᠪᠠᠢᠢᠭᠰᠠᠨ᠃ ᠠᠭᠠᠷ ᠤᠨ ᠪᠣᠬᠢᠷᠳᠠᠯ᠂ ᠭᠡᠷ ᠬᠣᠷᠢᠶᠠᠯᠠᠯ ᠭᠡᠳ ᠣᠯᠠᠨ ᠠᠰᠠᠭᠤᠳᠠᠯ ᠳᠤ ᠠᠩᠬᠠᠷᠬᠤ ᠬᠡᠷᠡᠭᠲᠡᠢ᠃ ᠶᠠᠮᠠᠷ ᠠᠷᠭ᠎ᠠ ᠬᠡᠮᠵᠢᠶ᠎ᠡ ᠠᠪᠴᠤ ᠪᠠᠢᠢᠭ᠎ᠠ ᠨᠢ ᠲᠣᠳᠣᠷᠬᠠᠢ ᠪᠤᠰᠤ ᠪᠠᠢᠢᠨ᠎ᠠ᠃ ᠥᠩ᠋ᠭᠡᠷᠡᠭᠰᠡᠨ ᠬᠤᠭᠤᠴᠠᠭᠠᠨ ᠳᠤ ᠵᠥᠪᠬᠡᠨ ᠤᠲᠤᠭᠠᠨ ᠳᠤ 500 ᠣᠷᠴᠢᠮ ᠲᠡᠷᠪᠤᠮ ᠲᠥᠭᠥᠷᠢᠭ᠌ ᠵᠠᠷᠤᠴᠠᠭᠤᠯᠤᠭᠰᠠᠨ᠃ ᠦᠷ᠎ᠡ ᠳ᠋ᠦᠩ ᠭᠠᠷᠴᠤ ᠪᠠᠢᠢᠭ᠎ᠠ ᠤᠤ᠃ ᠦᠷ᠎ᠡ ᠳ᠋ᠦᠩ ᠭᠠᠷᠬᠤ ᠦᠭᠡᠢ ᠪᠠᠢᠢᠭ᠎ᠠ᠃ ᠬᠠᠮᠤᠭ ᠤᠨ ᠶᠡᠬᠡ ᠬᠣᠬᠢᠷᠠᠵᠤ ᠪᠠᠢᠢᠭ᠎ᠠ ᠨᠢ ᠡᠬᠡᠴᠦᠳ ᠪᠣᠯᠵᠤ ᠪᠠᠢᠢᠨ᠎ᠠ᠃ ᠲᠥᠷᠥᠬᠦ ᠡᠴᠡ ᠡᠮᠦᠨᠡᠬᠢ ᠡᠨᠳᠡᠭᠳᠡᠯ ᠣᠯᠠᠨ ᠭᠠᠷᠴᠤ ᠪᠠᠢᠢᠭ᠎ᠠ᠃ ᠪᠢᠳᠡ ᠶᠠᠮᠠᠷ ᠪᠠᠢᠢᠳᠠᠯ ᠢᠶᠠᠷ ᠬᠠᠨᠳᠤᠵᠤ᠂ ᠬᠡᠨ ᠳᠥ ᠶᠠᠮᠠᠷ ᠱᠠᠭᠠᠷᠳᠠᠯᠭ᠎ᠠ ᠲᠠᠯᠪᠢᠬᠤ ᠪᠤᠢ᠂ ᠭᠡᠳᠡᠭ ᠢᠶᠡᠨ ᠡᠨᠡ ᠵᠥᠪᠯᠡᠭᠡᠨ ᠢᠶᠡᠷ ᠶᠠᠷᠢᠬᠤ ᠬᠡᠷᠡᠭᠲᠡᠢ᠃ ᠮᠥᠨ ᠡᠮᠴᠢ᠂ ᠪᠠᠭᠰᠢ ᠨᠠᠷ ᠲᠥᠪ ᠡᠴᠡ ᠠᠯᠤᠰ ᠭᠠᠵᠠᠷ ᠠᠵᠢᠯᠯᠠᠬᠤ ᠲᠤᠰᠤᠮ ᠴᠠᠯᠢᠩ ᠨᠢ ᠨᠡᠮᠡᠭᠳᠡᠵᠦ ᠪᠠᠢᠢᠳᠠᠭ ᠲᠣᠭᠲᠠᠯᠴᠠᠭ᠎ᠠ ᠪᠠᠢᠢᠳᠠᠭ᠃ ᠠᠯᠢ ᠢᠢᠨ ᠪᠣᠯᠭᠠᠨ ᠪᠢᠳᠡ ᠲᠠᠩ᠋ᠭᠠᠷᠢᠭ ᠡᠷᠭᠦᠭ᠍ᠰᠡᠨ ᠨᠡᠷ᠎ᠡ ᠪᠡᠷ ᠥᠪᠡᠷᠰᠡᠳ ᠦᠨ ᠡᠷᠬᠡ ᠠᠰᠢᠭ᠂ ᠠᠮᠢᠳᠤᠷᠠᠯ ᠢ ᠵᠣᠯᠢᠶᠠᠰᠤᠯᠠᠵᠤ ᠶᠠᠪᠤᠬᠤ ᠪᠤᠢ᠃ ᠤᠯᠤᠰ ᠤᠨ ᠶᠡᠬᠡ ᠬᠤᠷᠠᠯ ᠤᠨ ᠭᠡᠰᠢᠭᠦᠳ ᠪᠠᠰᠠ ᠲᠠᠩ᠋ᠭᠠᠷᠢᠭ ᠡᠷᠭᠦᠳᠡᠭ᠃ ᠡᠮᠴᠢ᠂ ᠪᠠᠭᠰᠢ ᠨᠠᠷ ᠲᠠᠢ ᠯᠠ ᠠᠳᠠᠯᠢᠬᠠᠨ᠃ ᠭᠡᠲᠡᠯ᠎ᠡ ᠲᠡᠳᠡ ᠲᠠᠩ᠋ᠭᠠᠷᠢᠭ ᠢᠶᠠᠨ ᠪᠡᠶᠡᠯᠡᠭᠦᠯᠵᠦ ᠡᠰᠡᠪᠡᠯ ᠨᠢᠴᠤᠵᠤ ᠪᠠᠢᠢᠨ᠎ᠠ ᠤᠤ ᠭᠡᠳᠡᠭ ᠢ ᠲᠠ ᠪᠦᠬᠦᠨ ᠶᠠᠷᠢᠯᠴᠠᠭᠠᠷᠠᠢ᠃

 

ᠵᠥᠪᠯᠡᠭᠡᠨ ᠳᠥ ᠠᠮᠵᠢᠯᠲᠠ ᠬᠦᠰᠡᠶ᠎ᠡ》 ᠭᠡᠯ᠎ᠡ᠃