ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠣᠷᠣᠨ ᠲᠣᠭᠠᠨ ᠤ ᠪᠤᠰᠤ ᠵᠦᠪᠯᠡᠬᠦ ᠴ ∙ ᠭᠠᠩᠪᠠᠲᠤ ᠥᠴᠥᠭᠡᠳᠦᠷ ᠣᠷᠣᠨ ᠲᠣᠭᠠᠨ ᠤ ᠪᠤᠰᠤ ᠵᠥᠪᠯᠡᠬᠦ ᠡᠴᠡ ᠪᠡᠨ ᠴᠢᠯᠦᠭᠡᠯᠡᠭᠳᠡᠬᠦ ᠬᠦᠰᠡᠯᠲᠡ ᠪᠡᠨ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠵ ∙ ᠡᠩᠬᠡᠪᠣᠯᠤᠳ ᠲᠤ ᠬᠠᠨᠳᠤᠨ ᠭᠠᠷᠭᠠᠯ᠎ᠠ᠃
ᠬᠡᠳᠦᠢ ᠪᠡᠷ ᠴ ∙ ᠭᠠᠩᠪᠠᠲᠤ ᠢᠢᠨ 《ᠮᠣᠩ᠋ᠭᠣᠯ ᠪᠤᠢᠢᠳᠠᠩ》 ᠺᠣᠮᠫᠠᠨᠢ ᠨᠢ 2016 ᠣᠨ ᠠᠴᠠ ᠡᠬᠢᠯᠡᠨ ᠵᠢᠵᠢᠭ᠂ ᠳᠤᠮᠳᠠ ᠦᠢᠯᠡᠳᠪᠦᠷᠢ ᠢᠢ ᠬᠥᠭ᠍ᠵᠢᠭᠦᠯᠬᠦ ᠰᠠᠩ ᠠᠴᠠ ᠵᠡᠭᠡᠯᠢ ᠠᠪᠬᠤ ᠬᠦᠰᠡᠯᠲᠡ ᠭᠠᠷᠭᠠᠵᠤ᠂ ᠪᠠᠷᠢᠴᠠ ᠪᠠᠨ ᠬᠥᠷᠥᠩᠭᠡ ᠳᠡᠭᠡᠨ ᠲᠠᠭᠠᠷᠠᠭᠤᠯᠤᠨ ᠵᠡᠭᠡᠯᠢ ᠠᠪᠴᠤ᠂ ᠡᠷᠭᠢᠨ ᠲᠥᠯᠦᠯᠲᠡ ᠨᠢ ᠬᠡᠪ ᠦᠨ ᠪᠠᠢᠢᠭ᠎ᠠ ᠬᠡᠳᠦᠢ ᠴᠤ ᠤᠯᠤᠰ ᠤᠨ ᠶᠡᠬᠡ ᠬᠤᠷᠠᠯ᠂ ᠵᠠᠰᠠᠭ ᠤᠨ ᠭᠠᠵᠠᠷ ᠤᠨ ᠭᠡᠰᠢᠭᠦᠳ ᠪᠣᠯᠤᠨ ᠲᠡᠳᠡᠨ ᠦ ᠬᠠᠮᠢᠶᠠᠷᠤᠯ ᠪᠦᠬᠦᠢ ᠢᠷᠭᠡᠳ ᠵᠢᠵᠢᠭ᠂ ᠳᠤᠮᠳᠠ ᠦᠢᠯᠡᠳᠪᠦᠷᠢ ᠢᠢ ᠬᠥᠭ᠍ᠵᠢᠭᠦᠯᠬᠦ ᠰᠠᠩ ᠠᠴᠠ ᠡᠷᠬᠡ ᠮᠡᠳᠡᠯ ᠢᠶᠡᠨ ᠠᠰᠢᠭᠯᠠᠨ ᠵᠡᠭᠡᠯᠢ ᠠᠪᠤᠭᠰᠠᠨ ᠬᠡᠷᠡᠭ ᠦᠨ ᠱᠤᠤᠭᠢᠶᠠᠨ ᠲᠠᠢ ᠵᠡᠷᠭᠡᠴᠡᠭᠦᠯᠦᠨ᠂ ᠲᠥᠷᠥ ᠢᠢᠨ ᠥᠨᠳᠥᠷ ᠠᠯᠪᠠᠨ ᠲᠤᠰᠢᠶᠠᠯᠲᠠᠨ ᠨᠤᠭᠤᠳ ᠢ ᠰᠢᠯᠭᠠᠬᠤ᠂ ᠬᠠᠷᠢᠭᠤᠴᠠᠯᠭ᠎ᠠ ᠲᠣᠭᠠᠴᠠᠬᠤ ᠢᠷᠭᠡᠳ ᠦᠨ ᠱᠠᠭᠠᠷᠳᠠᠯᠭ᠎ᠠ ᠢᠢ ᠪᠤᠰᠤᠳ ᠲᠤ ᠬᠠᠪᠲᠠᠭᠠᠢᠢᠷᠠᠭᠤᠯᠤᠨ ᠨᠢᠯᠵᠠᠭᠠᠵᠤ ᠰᠠᠭᠠᠷᠮᠠᠭᠵᠢᠭᠤᠯᠬᠤ ᠦᠢᠯᠡᠳᠦᠯ ᠦᠳ ᠬᠢᠭ᠍ᠳᠡᠵᠦ ᠪᠠᠢᠢᠭ᠎ᠠ ᠲᠤᠯᠠ ᠡᠢᠢᠮᠦ ᠪᠤᠰᠤᠷᠮᠠᠭ ᠦᠢᠯᠡᠳᠦᠯ ᠳᠥ ᠪᠣᠯᠤᠮᠵᠢ ᠣᠯᠭᠤᠬᠤ ᠦᠭᠡᠢ ᠢᠢᠨ ᠡᠭᠦᠳᠡᠨ ᠡᠴᠡ ᠶᠡᠷᠦᠩᠬᠡᠢᠢᠯᠡᠭᠴᠢ ᠢᠢᠨ ᠣᠷᠣᠨ ᠲᠣᠭᠠᠨ ᠤ ᠪᠤᠰᠤ ᠵᠥᠪᠯᠡᠬᠦ ᠡᠴᠡ ᠪᠡᠨ ᠴᠢᠯᠦᠭᠡᠯᠡᠭᠳᠡᠬᠦ ᠬᠦᠰᠡᠯᠲᠡ ᠪᠡᠨ ᠭᠠᠷᠭᠠᠭᠰᠠᠨ ᠪᠠᠢᠢᠨ᠎ᠠ᠃
ᠴ ∙ ᠭᠠᠩᠪᠠᠲᠤ ᠢᠢᠨ ᠳᠡᠭᠡᠷᠡᠬᠢ ᠴᠢᠯᠦᠭᠡᠯᠡᠭᠳᠡᠬᠦ ᠬᠦᠰᠡᠯᠲᠡ ᠢᠢ ᠬᠦᠯᠢᠶᠡᠨ ᠠᠪᠴᠤ᠂ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠣᠷᠣᠨ ᠲᠣᠭᠠᠨ ᠤ ᠪᠤᠰᠤ ᠵᠥᠪᠯᠡᠬᠦ ᠡᠴᠡ ᠴᠢᠯᠦᠭᠡᠯᠡᠯ᠎ᠡ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠣᠷᠣᠨ ᠲᠣᠭᠠᠨ ᠤ ᠪᠤᠰᠤ ᠵᠦᠪᠯᠡᠬᠦ ᠨᠢ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠠᠴᠠ ᠴᠠᠯᠢᠩ ᠠᠪᠳᠠᠭ ᠦᠭᠡᠢ᠂ ᠲᠥᠷᠥ ᠢᠢᠨ ᠠᠯᠪᠠᠨ ᠬᠠᠭᠠᠭᠴᠢ ᠪᠢᠰᠢ ᠶᠤᠮ᠃