ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠥᠨᠥᠳᠥᠷ ᠮᠠᠯᠠᠢᠢᠽ ᠤᠯᠤᠰ ᠤᠨ ᠺᠤᠢᠸᠠᠯᠠ ᠯᠤᠢᠮᠫᠦᠢᠷ ᠬᠣᠲᠠ ᠳᠤ ᠪᠣᠯᠤᠭᠰᠠᠨ 《ᠴᠡᠭᠡᠵᠢ ᠲᠣᠭᠠᠯᠠᠯ-ᠰᠣᠷᠣᠪᠠᠨ ᠰᠣᠸᠠᠨᠫᠠᠨ》 ᠍ ᠢᠢᠨ ᠣᠯᠠᠨ ᠤᠯᠤᠰ ᠤᠨ 23 ᠳ᠋ᠠᠬᠢ ᠤᠳᠠᠭ᠎ᠠ ᠢᠢᠨ ᠲᠡᠮᠡᠴᠡᠭᠡᠨ ᠳᠥ ᠠᠮᠵᠢᠯᠲᠠᠲᠠᠢ ᠣᠷᠣᠯᠴᠠᠭᠰᠠᠨ ᠪᠠᠭᠠᠴᠤᠳ ᠲᠠᠢ ᠠᠭᠤᠯᠵᠠᠵᠤ᠂ ᠪᠠᠶᠠᠷ ᠬᠦᠷᠭᠡᠯ᠎ᠡ᠃
ᠡᠨᠡᠬᠦ ᠲᠡᠮᠡᠴᠡᠭᠡᠨ ᠳᠥ 40 ᠣᠷᠣᠨ ᠤ 3000 ᠭᠠᠷᠤᠢ ᠬᠡᠦᠬᠡᠳ ᠥᠷᠢᠰᠦᠯᠳᠦᠭᠰᠡᠨ ᠪᠠᠢᠢᠨ᠎ᠠ᠃ ᠮᠠᠨ ᠤ ᠤᠯᠤᠰ ᠠᠴᠠ ᠲᠤᠰ ᠲᠡᠮᠡᠴᠡᠭᠡᠨ ᠳᠥ 53 ᠬᠡᠦᠬᠡᠳ ᠣᠷᠣᠯᠴᠠᠵᠤ᠂ ᠨᠢᠭᠡ ᠭᠷᠠᠨ᠋ᠳ᠋ ᠴᠠᠮᠫᠢᠣᠨ᠂ 16 ᠴᠠᠮᠫᠢᠣᠨ᠂ 20 ᠠᠯᠲᠠᠨ ᠴᠣᠮᠤ᠂ 10 ᠮᠥᠩᠭᠦᠨ ᠴᠣᠮᠤ᠂ ᠨᠡᠢᠢᠲᠡ 47 ᠱᠠᠩᠨᠠᠯ ᠬᠦᠷᠲᠵᠡᠢ᠃ ᠡᠨᠡ ᠨᠢ ᠮᠣᠩ᠋ᠭᠣᠯ ᠤᠨ ᠣᠶᠤᠨ ᠤ ᠰᠫᠣᠷᠲ ᠤᠨ ᠲᠡᠦᠬᠡᠨ ᠳᠥ ᠭᠠᠷᠴᠤ ᠪᠠᠢᠢᠭ᠎ᠠ ᠦᠭᠡᠢ ᠥᠨᠳᠥᠷ ᠠᠮᠵᠢᠯᠲᠠ ᠶᠤᠮ ᠪᠠᠢᠢᠨ᠎ᠠ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠡᠳᠡᠭᠡᠷ ᠬᠡᠦᠬᠡᠳ ᠦᠳ ᠲᠥ ᠪᠣᠯᠤᠨ ᠲᠡᠳᠡᠨ ᠦ ᠪᠠᠭᠰᠢ᠂ ᠡᠴᠢᠭᠡ᠂ ᠡᠬᠡᠴᠦᠳ ᠲᠥ ᠬᠠᠨᠳᠤᠨ ᠶᠠᠭᠤᠨ ᠲᠦᠷᠦᠭᠦᠨ ᠳᠥ ᠣᠶᠤᠨ ᠤ ᠰᠫᠣᠷᠲ ᠤᠨ ᠲᠥᠷᠥᠯ ᠢᠶᠡᠷ ᠪᠠᠬᠠᠳᠤᠮ᠎ᠠ ᠠᠮᠵᠢᠯᠲᠠ ᠭᠠᠷᠭᠠᠭᠰᠠᠨ ᠳᠤ ᠨᠢ ᠪᠠᠶᠠᠷ ᠬᠦᠷᠭᠡᠭᠡᠳ᠄
《ᠣᠯᠠᠨ ᠤᠯᠤᠰ ᠤᠨ ᠴᠢᠨᠠᠷᠲᠠᠢ ᠲᠡᠮᠡᠴᠡᠭᠡᠨ ᠳᠥ 2012 ᠣᠨ ᠠᠴᠠ ᠬᠣᠢᠢᠰᠢ ᠣᠷᠣᠯᠴᠠᠵᠤ᠂ ᠠᠮᠵᠢᠯᠲᠠ ᠨᠢ ᠤᠯᠠᠮ ᠥᠰᠦᠭᠰᠡᠭᠡᠷ ᠪᠠᠢᠢᠭᠠᠳ ᠲᠠᠯᠠᠷᠬᠠᠵᠤ ᠪᠠᠢᠢᠨ᠎ᠠ᠃ ᠴᠢᠨᠠᠭᠰᠢᠳᠠ ᠪᠠᠨ ᠴᠤ ᠲᠠ ᠪᠦᠬᠦᠨ ᠦ ᠭᠠᠷᠭᠠᠬᠤ ᠠᠮᠵᠢᠯᠲᠠ ᠨᠡᠮᠡᠭᠳᠡᠬᠦ ᠪᠠᠢᠢᠬᠤ᠃ ᠨᠡᠢᠢᠭᠡᠮ ᠳᠥ ᠬᠠᠷ᠎ᠠ ᠪᠠᠷᠠᠭᠠᠨ ᠮᠡᠳᠡᠭᠡᠯᠡᠯ ᠶᠡᠬᠡ ᠲᠡᠢ ᠪᠠᠢᠢᠭ᠎ᠠ ᠡᠨᠡ ᠦᠶ᠎ᠡ ᠳᠥ ᠲᠠ ᠪᠦᠬᠦᠨ ᠦ ᠠᠮᠵᠢᠯᠲᠠ ᠭᠡᠷᠡᠯ᠂ ᠭᠡᠭᠡ ᠨᠡᠮᠡᠵᠦ ᠪᠠᠢᠢᠨ᠎ᠠ᠃
ᠣᠢ ᠲᠣᠭᠲᠠᠭᠠᠯᠲᠠ᠂ ᠰᠣᠷᠣᠪᠠᠨ ᠰᠠᠮᠫᠢᠨ᠂ ᠴᠡᠭᠡᠵᠢ ᠲᠣᠭᠠᠯᠠᠯ᠂ ᠰᠢᠲᠠᠷ᠎ᠠ ᠵᠡᠷᠭᠡ ᠣᠶᠤᠨ ᠤ ᠰᠫᠣᠷᠲ ᠲᠡᠳᠦᠢ ᠦᠭᠡᠢ᠂ ᠬᠢᠮᠢ᠂ ᠹᠢᠽᠢᠺ᠂ ᠮᠠᠲ᠋ᠧᠮᠠᠲ᠋ᠢᠭ ᠤᠨ ᠣᠯᠢᠮᠫᠢᠶᠠᠳ᠋ ᠍ ᠢᠶᠠᠷ ᠴᠤ ᠲᠡᠷᠡ ᠮᠣᠩ᠋ᠭᠣᠯ ᠬᠡᠦᠬᠡᠳ ᠦᠳ ᠰᠡᠭᠦᠯ ᠦᠨ ᠦᠶ᠎ᠡ ᠳᠥ ᠮᠠᠰᠢ ᠰᠠᠢᠢᠨ ᠠᠮᠵᠢᠯᠲᠠ ᠭᠠᠷᠭᠠᠵᠤ ᠪᠠᠢᠢᠭ᠎ᠠ᠃ ᠲᠡᠭᠦᠨᠴᠢᠯᠡᠨ ᠮᠠᠨ ᠤ ᠵᠠᠯᠠᠭᠤᠰ ᠢ ᠮᠡᠳᠡᠭᠡᠯᠡᠯ ᠦᠨ ᠲᠧᠭᠨᠣᠯᠣᠭᠢ ᠢᠢᠨ ᠳᠡᠯᠡᠬᠡᠢ ᠢᠢᠨ ᠲᠣᠮᠣᠬᠠᠨ ᠺᠣᠮᠫᠠᠨᠢ ᠨᠤᠭᠤᠳ ᠢᠨ᠋ᠵᠧᠨᠧᠷ᠂ ᠪᠣᠯᠪᠠᠰᠤᠨ ᠬᠦᠴᠦᠨ ᠢᠶᠡᠷ ᠢᠶᠡᠨ ᠠᠪᠴᠤ ᠠᠵᠢᠯᠯᠠᠭᠤᠯᠬᠤ ᠰᠣᠨᠢᠷᠬᠠᠯ ᠲᠠᠢ ᠪᠣᠯᠵᠤ ᠪᠠᠢᠢᠭ᠎ᠠ ᠨᠢ ᠮᠥᠨ ᠰᠠᠢᠢᠨ ᠮᠡᠳᠡᠭᠡ ᠶᠤᠮ᠃
ᠡᠨᠡ ᠶᠠᠭᠤ ᠢᠢ ᠬᠠᠷᠠᠭᠤᠯᠵᠤ ᠪᠠᠢᠢᠨ᠎ᠠ ᠭᠡᠬᠦ ᠪᠡᠷ ᠮᠣᠩ᠋ᠭᠣᠯ ᠬᠦᠮᠦᠨ ᠦ ᠣᠶᠤᠨ ᠤ ᠴᠢᠳᠠᠮᠵᠢ ᠢᠢ ᠢᠯᠡᠳᠬᠡᠬᠦ ᠡᠴᠡ ᠭᠠᠳᠠᠨ᠎ᠠ᠂ ᠣᠶᠤᠨ ᠤᠬᠠᠭᠠᠨ ᠤ ᠴᠢᠭᠯᠡᠯ ᠢᠶᠡᠷ ᠪᠢᠳᠡᠨ ᠳᠥ ᠶᠠᠮᠠᠷ ᠶᠡᠬᠡ ᠪᠣᠯᠤᠮᠵᠢ ᠪᠣᠯᠤᠯᠴᠠᠭ᠎ᠠ ᠪᠠᠢᠢᠭ᠎ᠠ ᠢᠢ ᠬᠠᠷᠠᠭᠤᠯᠵᠤ ᠪᠠᠢᠢᠨ᠎ᠠ᠃ ᠴᠢᠨᠠᠭᠰᠢᠳᠠ ᠪᠠᠨ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠵᠦᠭ ᠡᠴᠡ ᠣᠶᠤᠨ ᠤ ᠰᠫᠣᠷᠲ ᠢ ᠳᠡᠮᠵᠢᠵᠦ᠂ ᠢᠯᠠᠩ᠋ᠭᠤᠶ᠎ᠠ ᠪᠢᠴᠢᠬᠠᠨ᠂ ᠥᠰᠪᠦᠷᠢ ᠨᠠᠰᠤᠨ ᠤ ᠬᠡᠦᠬᠡᠳ ᠦᠳ ᠢ ᠳᠡᠮᠵᠢᠵᠦ ᠠᠵᠢᠯᠯᠠᠬᠤ ᠪᠠᠨ ᠲᠠ ᠪᠦᠬᠦᠨ ᠦ ᠡᠮᠦᠨ᠎ᠡ ᠢᠯᠡᠷᠬᠡᠢᠢᠯᠡᠵᠦ ᠪᠠᠢᠢᠨ᠎ᠠ》 ᠭᠡᠰᠡᠨ ᠶᠤᠮ᠃
ᠮᠥᠨ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠣᠯᠠᠨ ᠤᠯᠤᠰ ᠤᠨ ᠲᠡᠮᠡᠴᠡᠭᠡᠨ ᠳᠥ ᠬᠡᠦᠬᠡᠳ ᠦᠳ ᠢ ᠣᠷᠤᠯᠴᠠᠭᠤᠯᠬᠤ ᠢᠢᠨ ᠲᠤᠯᠠᠳᠠ ᠵᠠᠮ ᠤᠨ ᠵᠠᠷᠤᠳᠠᠯ᠂ ᠪᠠᠢᠢᠷᠢ᠂ ᠬᠣᠭᠣᠯᠠ ᠵᠡᠷᠭᠡ ᠪᠡᠷ ᠴᠢᠮ᠎ᠠ ᠦᠭᠡᠢ ᠵᠠᠷᠤᠳᠠᠯ ᠭᠠᠷᠳᠠᠭ ᠢ ᠳᠤᠷᠠᠳᠤᠭᠠᠳ ᠭᠠᠳᠠᠭᠠᠳᠤ ᠤᠯᠤᠰ ᠲᠤ ᠪᠣᠯᠬᠤ ᠲᠡᠮᠡᠴᠡᠭᠡᠨ ᠳᠥ ᠣᠷᠣᠯᠴᠠᠬᠤ ᠳᠤ ᠨᠢ ᠲᠣᠳᠣᠷᠬᠠᠢ ᠬᠡᠮᠵᠢᠶᠡᠨ ᠳᠥ ᠳᠡᠮᠵᠢᠯᠭᠡ ᠦᠵᠡᠭᠦᠯᠬᠦ ᠪᠡᠨ ᠠᠮᠠᠯᠠᠪᠠ᠃
ᠮᠥᠨ ᠬᠡᠦᠬᠡᠳ ᠦᠳ ᠢᠶᠡᠨ ᠵᠥᠪ ᠬᠦᠮᠦᠵᠢᠭᠦᠯᠵᠦ᠂ ᠡᠷᠳᠡᠮ ᠨᠣᠮ ᠲᠠᠢ ᠪᠣᠯᠭᠠᠵᠤ ᠪᠤᠢ ᠪᠠᠭᠰᠢ᠂ ᠡᠴᠢᠭᠡ ᠡᠬᠡᠴᠦᠳ ᠲᠥ ᠲᠠᠯᠠᠷᠬᠠᠯ ᠢᠯᠡᠷᠬᠡᠢᠢᠯᠡᠯ᠎ᠡ᠃
ᠠᠭᠤᠯᠵᠠᠯᠲᠠ ᠢᠢᠨ ᠦᠶ᠎ᠡ ᠪᠡᠷ 《ᠴᠡᠭᠡᠵᠢ ᠲᠣᠭᠠᠯᠠᠯ-ᠰᠣᠷᠣᠪᠠᠨ ᠰᠤᠸᠠᠨᠫᠠᠨ》 ᠍ ᠢᠢᠨ ᠣᠯᠠᠨ ᠤᠯᠤᠰ ᠤᠨ 23 ᠳᠠᠬᠢ ᠤᠳᠠᠭ᠎ᠠ ᠢᠢᠨ ᠲᠡᠮᠡᠴᠡᠭᠡᠨ ᠳᠥ ᠠᠮᠵᠢᠯᠲᠠᠲᠠᠢ ᠣᠷᠣᠯᠴᠠᠭᠰᠠᠨ ᠪᠠᠭᠠᠴᠤᠳ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠳᠤ ᠥᠪᠡᠷᠰᠡᠳ ᠢ ᠪᠡᠨ ᠲᠠᠨᠢᠯᠴᠠᠭᠤᠯᠵᠤ᠂ ᠭᠠᠷᠭᠠᠭᠰᠠᠨ ᠠᠮᠵᠢᠯᠲᠠ ᠢᠢᠨ ᠢᠶᠠᠨ ᠲᠠᠯ᠎ᠠ ᠪᠠᠷ ᠶᠠᠷᠢᠵᠤ ᠥᠭ᠍ᠭᠦᠭ᠍ᠰᠡᠨ ᠶᠤᠮ᠃ ᠮᠥᠨ ᠲᠡᠮᠡᠴᠡᠭᠡᠨ ᠳᠥ ᠠᠮᠵᠢᠯᠲᠠᠲᠠᠢ ᠣᠷᠣᠯᠴᠠᠭᠰᠠᠨ ᠬᠡᠦᠬᠡᠳ ᠦᠳ ᠦᠨ ᠡᠴᠢᠭᠡ᠂ ᠡᠬᠡ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠲᠠᠢ ᠣᠶᠤᠨ ᠤ ᠰᠫᠣᠷᠲ ᠤᠨ ᠬᠥᠭ᠍ᠵᠢᠯ ᠦᠨ ᠠᠰᠠᠭᠤᠳᠠᠯ ᠢᠶᠠᠷ ᠶᠠᠷᠢᠯᠴᠠᠪᠠ᠃
ᠲᠤᠬᠠᠢᠢᠯᠠᠪᠠᠯ᠂ 《ᠲᠣᠶᠠ》 ᠬᠡᠦᠬᠡᠳ ᠬᠥᠭ᠍ᠵᠢᠯ ᠦᠨ ᠠᠺᠠᠳᠧᠮᠢ ᠢᠢᠨ ᠵᠠᠬᠢᠷᠤᠯ ᠲ ∙ ᠲᠤᠶᠠᠭ᠎ᠠ 《ᠮᠣᠩ᠋ᠭᠣᠯ ᠤᠨ ᠢᠷᠡᠭᠡᠳᠦᠢ ᠪᠣᠯᠤᠭᠰᠠᠨ ᠬᠡᠦᠬᠡᠳ᠂ ᠪᠠᠭᠠᠴᠤᠳ ᠤᠨ ᠣᠶᠤᠨ ᠤ ᠰᠫᠣᠷᠲ ᠢ ᠳᠡᠮᠵᠢᠨ ᠪᠢᠳᠡᠨ ᠢ ᠬᠦᠯᠢᠶᠡᠨ ᠠᠪᠴᠤ ᠠᠭᠤᠯᠵᠠᠭᠰᠠᠨ ᠳᠤ ᠪᠠᠶᠠᠷᠯᠠᠯ᠎ᠠ᠃ ᠪᠢ ᠮᠠᠲ᠋ᠧᠮᠠᠲ᠋ᠢᠭ ᠤᠨ ᠪᠠᠭᠰᠢ ᠪᠠᠷ 36 ᠳᠠᠬᠢ ᠵᠢᠯ ᠳᠥ ᠪᠡᠨ᠂ ᠰᠣᠷᠣᠪᠠᠨ ᠰᠤᠸᠠᠨᠫᠠᠨ ᠵᠢᠭᠠᠭᠠᠳ 10 ᠭᠠᠷᠤᠢ ᠵᠢᠯ ᠪᠣᠯᠵᠤ ᠪᠠᠢᠢᠨ᠎ᠠ᠃ 《ᠴᠡᠭᠡᠵᠢ ᠲᠣᠭᠠᠯᠠᠯ-ᠰᠣᠷᠣᠪᠠᠨ ᠰᠤᠸᠠᠨᠫᠠᠨ》 ᠍ ᠢᠢᠨ ᠣᠯᠠᠨ ᠤᠯᠤᠰ ᠤᠨ 23 ᠳᠠᠬᠢ ᠤᠳᠠᠭ᠎ᠠ ᠢᠢᠨ ᠲᠡᠮᠡᠴᠡᠭᠡᠨ ᠳᠥ ᠮᠣᠩ᠋ᠭᠣᠯ ᠤᠯᠤᠰ ᠴᠢᠨᠰᠠᠭ᠎ᠠ ᠪᠠᠷ ᠢᠶᠠᠨ ᠳᠡᠯᠡᠬᠡᠢ ᠳᠥ 1 ᠍ ᠳᠥ ᠪᠢᠴᠢᠭᠳᠡᠭᠰᠡᠨ᠃ ᠮᠠᠰᠢ ᠣᠯᠠᠨ ᠬᠡᠦᠬᠡᠳ ᠴᠣᠮᠣ ᠬᠦᠷᠲᠡᠯ᠎ᠡ᠃ ᠪᠠᠶᠠᠷᠲᠠᠢ ᠪᠠᠢᠢᠨ᠎ᠠ》 ᠭᠡᠰᠡᠨ ᠶᠤᠮ᠃
ᠮᠥᠨ ᠲ ∙ ᠪᠠᠳᠮᠠᠭᠠᠷᠪᠠ 《ᠪᠢ ᠬᠣᠶᠠᠷ ᠢᠬᠡᠷ᠎ᠡ ᠬᠦᠦ ᠪᠡᠨ 5 ᠨᠠᠰᠤᠲᠠᠢ ᠠᠴᠠ ᠨᠢ ᠬᠢᠴᠢᠶᠡᠯᠯᠡᠭᠦᠯᠦᠭᠰᠡᠨ᠃ ᠠᠩᠬ᠎ᠠ ᠤᠳᠠᠭ᠎ᠠ ᠲᠡᠮᠡᠴᠡᠭᠡᠨ ᠳᠥ ᠶᠠᠪᠤᠭᠠᠳ ᠬᠡᠦᠬᠡᠳ ᠦᠳ ᠮᠠᠨᠢ ᠠᠮᠵᠢᠯᠲᠠ ᠭᠠᠷᠭᠠᠭᠰᠠᠨ ᠳᠤ ᠪᠠᠶᠠᠷᠲᠠᠢ ᠪᠠᠢᠢᠨ᠎ᠠ᠃ ᠭᠡᠬᠦ ᠳᠥ ᠪᠡᠨ ᠬᠡᠳᠦᠬᠡᠨ ᠪᠠᠭᠰᠢ᠂ ᠡᠴᠢᠭᠡ ᠡᠬᠡ ᠢᠢᠨ ᠲᠣᠯᠣᠭᠠᠢ ᠢᠢᠨ ᠳᠡᠭᠡᠷ᠎ᠡ ᠰᠠᠩᠬᠦᠦ ᠢᠢᠨ ᠮᠠᠰᠢ ᠶᠡᠬᠡ ᠳᠠᠷᠤᠮᠲᠠ ᠢᠷᠡᠳᠡᠭ᠃ ᠪᠣᠷᠣ ᠵᠢᠷᠦᠬᠡ ᠪᠡᠷ ᠢᠶᠡᠨ ᠬᠡᠦᠬᠡᠳ ᠦᠳ ᠢᠶᠡᠨ ᠠᠪᠴᠤ ᠶᠠᠪᠤᠭᠠᠳ ᠥᠨᠳᠥᠷ ᠠᠮᠵᠢᠯᠲᠠ ᠭᠠᠷᠭᠠᠳᠠᠭ ᠪᠠᠢᠢᠭᠰᠠᠨ᠃ ᠡᠨᠡ ᠠᠮᠵᠢᠯᠲᠠ ᠥᠰᠴᠦ ᠳᠡᠯᠡᠬᠡᠢ ᠳᠥ ᠨᠢᠭᠡ ᠳᠥ ᠪᠢᠴᠢᠭᠳᠡᠵᠦ ᠪᠠᠢᠢᠨ᠎ᠠ᠃ ᠢᠷᠡᠬᠦ ᠵᠢᠯ ᠡᠴᠡ ᠡᠬᠢᠯᠡᠨ ᠲᠠᠨ ᠠᠴᠠ ᠲᠣᠳᠣᠷᠬᠠᠢ ᠬᠡᠮᠵᠢᠶᠡᠨ ᠦ ᠳᠡᠮᠵᠢᠯᠭᠡ ᠠᠪᠴᠤ ᠤᠷᠤᠯᠳᠤᠭᠠᠨ᠂ ᠲᠡᠮᠡᠴᠡᠭᠡᠨ ᠳᠥ ᠤᠷᠤᠯᠴᠠᠬᠤ ᠪᠣᠯᠤᠭᠰᠠᠨ ᠳᠤ ᠪᠠᠨ ᠲᠤᠢᠢᠯ ᠤᠨ ᠪᠠᠶᠠᠷᠲᠠᠢ ᠪᠠᠢᠢᠨ᠎ᠠ》 ᠭᠡᠰᠡᠨ ᠶᠤᠮ᠃
ᠠᠭᠤᠯᠵᠠᠯᠲᠠ ᠢᠢᠨ ᠲᠡᠭᠦᠰᠬᠡᠯ ᠳᠥ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ 《ᠴᠡᠭᠡᠵᠢ ᠲᠣᠭᠠᠯᠠᠯ-ᠰᠣᠷᠣᠪᠠᠨ ᠰᠤᠸᠠᠨᠫᠠᠨ》 ᠍ ᠢᠢᠨ ᠣᠯᠠᠨ ᠤᠯᠤᠰ ᠤᠨ ᠲᠡᠮᠡᠴᠡᠭᠡᠨ ᠳᠥ ᠠᠮᠵᠢᠯᠲᠠᠲᠠᠢ ᠣᠷᠣᠯᠴᠠᠭᠰᠠᠨ ᠰᠤᠷᠤᠭᠴᠢᠳ ᠲᠠᠢ ᠳᠤᠷᠠᠰᠬᠠᠯ ᠤᠨ ᠵᠢᠷᠤᠭ ᠠᠪᠤᠭᠤᠯᠪᠠ᠃