ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠢᠪᠡᠭᠡᠯ ᠳᠣᠣᠷ᠎ᠠ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ᠂ ᠮᠣᠩ᠋ᠭᠣᠯ ᠤᠨ ᠵᠠᠯᠠᠭᠤ ᠪᠢᠽᠢᠨ᠋᠋ᠧᠰ ᠡᠷᠬᠢᠯᠡᠭᠴᠢᠳ ᠦᠨ ᠵᠥᠪᠯᠡᠯ ᠬᠠᠮᠲᠤᠷᠠᠨ ᠵᠣᠬᠢᠶᠠᠨ ᠪᠠᠢᠢᠭᠤᠯᠤᠭᠰᠠᠨ 《ᠵᠠᠯᠠᠭᠤ ᠡᠨ᠋ᠲ᠋ᠷᠧᠫᠷᠧᠨ᠋ᠶᠣᠷ ᠤᠳ ᠤᠨ ᠠᠩ᠋ᠬᠠᠳᠤᠭᠠᠷ ᠵᠥᠪᠯᠡᠭᠡᠨ》ᠥᠨᠥᠳᠥᠷ ᠲᠥᠷᠥ ᠢᠢᠨ ᠣᠷᠳᠣᠨ ᠤ ᠶᠡᠬᠡ ᠲᠠᠩᠬᠢᠮ ᠳᠤ ᠪᠣᠯᠵᠤ ᠥᠨᠳᠥᠷᠯᠡᠯ᠎ᠡ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ 《ᠵᠠᠯᠠᠭᠤ ᠡᠨ᠋ᠲ᠋ᠷᠧᠫᠷᠧᠨ᠋ᠶᠣᠷ ᠤᠳ ᠤᠨ ᠠᠩ᠋ᠬᠠᠳᠤᠭᠠᠷ ᠵᠥᠪᠯᠡᠭᠡᠨ》 ᠍ ᠢ ᠨᠡᠭᠡᠭᠡᠵᠦ᠄
《ᠵᠠᠯᠠᠭᠤ ᠪᠢᠽᠢᠨ᠋᠋ᠧᠰ ᠡᠷᠬᠢᠯᠡᠭᠴᠢᠳ ᠡ᠂
ᠮᠣᠩ᠋ᠭᠣᠯ-ᠰᠣᠯᠣᠩ᠋ᠭᠣᠰ ᠤᠨ ᠪᠦᠲᠦᠭᠡᠯᠴᠢ ᠬᠦᠮᠦᠰ ᠲᠠ ᠪᠦᠬᠦᠨ ᠳᠥ ᠡᠨᠡ ᠡᠳᠦᠷ ᠦᠨ ᠮᠡᠨᠳᠦ ᠬᠦᠷᠭᠡᠶ᠎ᠡ᠃
ᠪᠦᠭᠦᠳᠡ ᠨᠠᠢᠢᠷᠠᠮᠳᠠᠬᠤ ᠰᠣᠯᠣᠩ᠋ᠭᠤᠰ ᠤᠯᠤᠰ᠍ ᠤᠨ ᠶᠡᠷᠦᠩᠬᠡᠢᠢᠯᠡᠭᠴᠢ ᠮᠦᠨ ᠵᠸ ᠢᠨ ᠲᠡᠢ ᠮᠣᠩ᠋ᠭᠣᠯ ᠰᠣᠯᠣᠩ᠋ᠭᠣᠰ ᠤᠨ ᠡᠳ᠋ ᠍ ᠦᠨ ᠵᠠᠰᠠᠭ᠂ ᠪᠢᠽᠢᠨ᠋᠋ᠧᠰ ᠦᠨ ᠬᠠᠷᠢᠯᠴᠠᠭ᠎ᠠ ᠢᠢ ᠬᠡᠷᠬᠢᠨ ᠲᠡᠯᠡᠬᠦ᠂ ᠬᠥᠭ᠍ᠵᠢᠭᠦᠯᠬᠦ ᠲᠠᠯ᠎ᠠ ᠪᠠᠷ ᠶᠠᠷᠢᠯᠴᠠᠵᠤ ᠪᠠᠢᠢᠭᠰᠠᠨ ᠰᠠᠨᠠᠭ᠎ᠠ ᠨᠤᠭᠤᠳ ᠠᠴᠠ ᠮᠠᠨᠢ ᠥᠨᠥᠳᠥᠷ ᠨᠢᠭᠡ ᠨᠢ ᠬᠡᠷᠡᠭᠵᠢᠬᠦ ᠠᠯᠬᠤᠮ ᠢᠶᠠᠨ ᠡᠬᠢᠯᠡᠭᠦᠯᠵᠦ ᠵᠠᠯᠠᠭᠤ ᠡᠨ᠋ᠲ᠋ᠷᠧᠫᠷᠧᠨ᠋ᠶᠣᠷ ᠤᠳ ᠤᠨ ᠠᠭᠤᠯᠵᠠᠯᠲᠠ ᠤᠯᠠᠭᠠᠨᠪᠠᠭᠠᠲᠤᠷ ᠲᠤ ᠪᠣᠯᠵᠤ᠂ ᠵᠥᠪᠯᠡᠯᠳᠦᠵᠦ ᠪᠠᠢᠢᠭ᠎ᠠ ᠳᠤ ᠪᠢ ᠪᠠᠶᠠᠷᠲᠠᠢ ᠪᠠᠢᠢᠨ᠎ᠠ᠃
ᠬᠣᠶᠠᠷ ᠣᠷᠣᠨ ᠤ ᠤᠯᠠᠮᠵᠢᠯᠠᠯᠲᠤ ᠬᠠᠷᠢᠯᠴᠠᠭ᠎ᠠ ᠢᠢ ᠰᠢᠨ᠎ᠡ ᠱᠠᠲᠤᠨ ᠳᠤ ᠭᠠᠷᠭᠠᠬᠤ᠂ ᠰᠢᠨ᠎ᠡ ᠡᠷᠴᠢ ᠬᠦᠴᠦ ᠢᠢ ᠠᠪᠴᠢᠷᠠᠬᠤ ᠳᠤ ᠵᠠᠯᠠᠭᠤᠰ ᠮᠠᠰᠢ ᠶᠡᠬᠡ ᠵᠦᠢᠯ ᠢ ᠬᠢᠵᠦ ᠴᠢᠳᠠᠨ᠎ᠠ ᠭᠡᠳᠡᠭ ᠲᠥ ᠪᠢ ᠢᠲᠡᠭᠡᠳᠡᠭ᠃ ᠠᠯᠢᠪᠠ ᠰᠢᠨᠡᠴᠢᠯᠡᠯ ᠥᠭᠡᠷᠡᠴᠢᠯᠡᠯᠲᠡ ᠢᠢ ᠰᠢᠨ᠎ᠡ ᠬᠦᠮᠦᠰ ᠯᠠ ᠬᠢᠳᠡᠭ᠃ ᠵᠠᠯᠠᠭᠤᠰ ᠪᠣᠯ ᠰᠢᠨᠡᠴᠢᠯᠡᠯ ᠦᠨ ᠬᠥᠳᠡᠯᠭᠡᠭ᠍ᠴᠢ ᠬᠦᠴᠦ ᠨᠢ ᠪᠠᠢᠢᠳᠠᠭ᠃
ᠡᠷᠴᠢᠮ ᠲᠡᠢ ᠪᠡᠷ ᠥᠭᠡᠷᠡᠴᠢᠯᠡᠭᠳᠡᠵᠦ ᠪᠤᠢ ᠳᠡᠯᠡᠬᠡᠢ ᠢᠢᠨ ᠬᠥᠭ᠍ᠵᠢᠯ ᠡᠴᠡ ᠬᠣᠴᠣᠷᠤᠭᠳᠠᠨ ᠬᠣᠢᠢᠰᠢ ᠰᠠᠭᠤᠵᠤ ᠪᠤᠢ ᠮᠣᠩ᠋ᠭᠣᠯ ᠤᠯᠤᠰ ᠤᠨ ᠡᠳ᠋ ᠍ ᠦᠨ ᠵᠠᠰᠠᠭ ᠢ ᠡᠷᠴᠢᠮᠵᠢᠭᠦᠯᠬᠦ᠂ ᠣᠷᠴᠢᠨ ᠴᠠᠭ ᠤᠨ ᠬᠡᠮᠨᠡᠯ ᠳᠥ ᠣᠷᠣᠭᠤᠯᠬᠤ ᠳᠤ ᠮᠣᠩ᠋ᠭᠣᠯ-ᠰᠣᠯᠣᠩ᠋ᠭᠣᠰ ᠤᠨ ᠵᠠᠯᠠᠭᠤ ᠡᠨ᠋ᠲ᠋ᠷᠧᠫᠷᠧᠨ᠋ᠶᠣᠷ ᠤᠳ ᠥᠪᠡᠷᠰᠡᠳ ᠦᠨ ᠬᠤᠪᠢ ᠨᠡᠮᠡᠷᠢ ᠢᠢ ᠤᠷᠤᠭᠤᠯᠬᠤ ᠴᠠᠭ ᠲᠤᠯᠵᠤ ᠢᠷᠡᠵᠡᠢ᠃ ᠬᠠᠷᠠᠭᠠᠳ᠂ ᠰᠢᠭᠦᠮᠵᠢᠯᠡᠭᠡᠳ ᠰᠠᠭᠤᠬᠤ ᠨᠢ ᠵᠠᠯᠠᠭᠤ ᠬᠦᠮᠦᠰ ᠲᠥ ᠳᠡᠩᠳᠡᠭᠦᠦ ᠬᠠᠩ᠋ᠭᠠᠯᠲᠠ ᠦᠭᠡᠢ ᠪᠠᠢᠢᠳᠠᠭ᠃ ᠲᠠ ᠨᠠᠷ ᠥᠪᠡᠷᠡᠴᠢᠯᠡᠬᠦ ᠦᠭᠡᠢ ᠪᠣᠯ ᠶᠠᠭᠤᠮᠠᠰ ᠥᠪᠡᠷ ᠢᠶᠡᠨ ᠠᠶᠠᠨᠳᠠᠭᠠᠨ ᠥᠭᠡᠷᠡᠴᠢᠯᠡᠭᠳᠡᠨ᠎ᠡ ᠭᠡᠵᠦ ᠪᠠᠢᠢᠬᠤ ᠦᠭᠡᠢ ᠢᠢ ᠤᠢᠢᠯᠠᠭᠠᠬᠤ ᠬᠡᠷᠡᠭᠲᠡᠢ᠃
ᠲᠡᠢᠢᠮᠦ ᠤᠴᠢᠷ ᠠᠴᠠ ᠵᠠᠯᠠᠭᠤ ᠬᠦᠮᠦᠨ ᠳᠥ ᠵᠠᠢᠢᠯᠠᠰᠢ ᠦᠭᠡᠢ ᠪᠠᠢᠢᠳᠠᠭ ᠴᠢᠬᠤᠯᠠ ᠴᠢᠨᠠᠷ ᠪᠣᠯᠬᠤ ᠥᠭᠡᠷᠡᠴᠢᠯᠡᠯᠲᠡ᠂ ᠡᠷᠡᠰ ᠰᠢᠨᠡᠴᠢᠯᠡᠯᠲᠡ ᠳᠥ ᠲᠡᠮᠡᠦᠯᠬᠦ ᠴᠢᠨᠠᠷ ᠢᠶᠠᠨ ᠤᠯᠤᠰ ᠣᠷᠣᠨ ᠤ ᠪᠠᠨ ᠬᠥᠭ᠍ᠵᠢᠯ ᠦᠨ ᠲᠥᠯᠥᠭᠡ᠂ ᠦᠨᠳᠦᠰᠦᠲᠡᠨ ᠦ ᠪᠡᠨ ᠰᠠᠢᠢᠨ ᠰᠠᠢᠢᠬᠠᠨ ᠤ ᠲᠥᠯᠥᠭᠡ ᠠᠰᠢᠭᠯᠠᠭᠠᠷᠠᠢ ᠭᠡᠵᠦ ᠲᠠ ᠪᠦᠬᠦᠨ ᠡᠴᠡ ᠬᠦᠰᠡᠶ᠎ᠡ》 ᠭᠡᠪᠡ᠃
ᠮᠥᠨ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ 2017 ᠣᠨ ᠳᠤ ᠣᠷᠣᠰ ᠤᠨ ᠬᠣᠯᠪᠣᠭᠠᠨ ᠤ ᠤᠯᠤᠰ ᠤᠨ ᠸᠯᠠᠳᠢᠸᠤᠰᠲ᠋ᠣᠺ ᠬᠣᠲᠠᠨ᠎ᠠ ᠪᠦᠭᠦᠳᠡ ᠨᠠᠢᠢᠷᠠᠮᠳᠠᠬᠤ ᠰᠣᠯᠣᠩ᠋ᠭᠤᠰ ᠤᠯᠤᠰ᠍ ᠤᠨ ᠶᠡᠷᠦᠩᠬᠡᠢᠢᠯᠡᠭᠴᠢ ᠮᠦᠨ ᠵᠸ ᠢᠨ ᠲᠡᠢ ᠠᠭᠤᠯᠵᠠᠬᠤ ᠳᠤ ᠪᠠᠨ ᠬᠣᠶᠠᠷ ᠤᠯᠤᠰ ᠤᠨ ᠢᠷᠭᠡᠳ ᠦᠨ ᠬᠠᠷᠢᠯᠴᠠᠭ᠎ᠠ ᠥᠨᠳᠥᠷ ᠲᠦᠪᠰᠢᠨ ᠳᠥ ᠬᠦᠷᠴᠦ᠂ ᠰᠣᠯᠣᠩ᠋ᠭᠣᠰ ᠬᠡᠯᠡ ᠪᠡᠷ ᠶᠠᠷᠢᠳᠠᠭ 100 ᠮᠢᠩ᠋ᠭ᠎ᠠ ᠭᠠᠷᠤᠢ ᠮᠣᠩ᠋ᠭᠣᠯ ᠬᠦᠮᠦᠨ ᠪᠠᠢᠢᠭ᠎ᠠ ᠠᠴᠠ ᠭᠠᠳᠠᠨ᠎ᠠ ᠲᠤᠬᠠᠢ ᠢᠢᠨ ᠤᠯᠤᠰ ᠲᠤ ᠠᠵᠢᠯᠯᠠᠵᠤ᠂ ᠠᠮᠢᠳᠤᠷᠠᠳᠠᠭ 40 ᠭᠠᠷᠤᠢ ᠮᠢᠩ᠋ᠭᠠᠨ ᠬᠦᠮᠦᠨ ᠪᠠᠢᠢᠭ᠎ᠠ ᠨᠢ ᠬᠠᠮᠲᠤᠷᠠᠵᠤ ᠠᠵᠢᠯᠯᠠᠬᠤ ᠳᠤ ᠪᠣᠯᠪᠠᠰᠤᠨ ᠬᠦᠴᠦᠨ ᠦ ᠠᠰᠠᠭᠤᠳᠠᠯ ᠲᠤᠯᠭᠠᠷᠠᠬᠤ ᠦᠭᠡᠢ ᠲᠠᠯ᠎ᠠ ᠪᠠᠷ ᠶᠠᠷᠢᠯᠴᠠᠵᠤ᠂ ᠰᠠᠨᠠᠯ ᠰᠣᠯᠢᠯᠴᠠᠭᠰᠠᠨ ᠲᠠᠯ᠎ᠠ ᠪᠠᠷ ᠢᠶᠠᠨ ᠲᠠᠨᠢᠯᠴᠠᠭᠤᠯᠤᠭᠰᠠᠨ ᠶᠤᠮ᠃ ᠤᠯᠠᠮ ᠢᠶᠠᠷ ᠲᠠᠯ᠎ᠠ ᠨᠤᠭᠤᠳ ᠡᠺᠰᠫᠣᠷᠲ ᠲᠤᠷ ᠴᠢᠭᠯᠡᠭᠰᠡᠨ ᠪᠢᠽᠢᠨ᠋᠋ᠧᠰ ᠬᠠᠮᠲᠤᠷᠠᠵᠤ ᠬᠢᠬᠦ ᠪᠣᠯᠤᠮᠵᠢ ᠢᠢ ᠨᠡᠮᠡᠭᠳᠡᠭᠦᠯᠬᠦ ᠢᠢᠨ ᠲᠤᠯᠠᠳᠠ ᠡᠨᠡ ᠤᠳᠠᠭ᠎ᠠ ᠢᠢᠨ ᠵᠥᠪᠯᠡᠭᠡᠨ ᠢ ᠶᠡᠷᠦᠩᠬᠡᠢᠢᠯᠡᠭᠴᠢ ᠢᠢᠨ ᠢᠪᠡᠭᠡᠯ ᠳᠣᠣᠷ᠎ᠠ ᠵᠣᠬᠢᠶᠠᠨ ᠪᠠᠢᠢᠭᠤᠯᠵᠤ ᠪᠠᠢᠢᠭ᠎ᠠ ᠭᠡᠯᠡ᠃
ᠮᠥᠨ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠬᠥᠳᠡᠭᠡ ᠠᠵᠤ ᠠᠬᠤᠢ᠂ ᠮᠠᠯ ᠠᠵᠤ ᠠᠬᠤᠢ᠂ ᠠᠶᠠᠯᠠᠯ ᠵᠢᠭᠤᠯᠴᠢᠯᠠᠯ ᠵᠡᠷᠭᠡ ᠰᠠᠯᠪᠤᠷᠢ ᠳᠤ ᠶᠠᠮᠠᠷ ᠪᠣᠳᠣᠯᠭ᠎ᠠ ᠪᠠᠷᠢᠮᠲᠠᠯᠠᠵᠤ ᠪᠠᠢᠢᠭ᠎ᠠ ᠲᠠᠯ᠎ᠠ ᠪᠠᠷ ᠢᠶᠠᠨ 《ᠵᠠᠯᠠᠭᠤ ᠡᠨ᠋ᠲ᠋ᠷᠧᠫᠷᠧᠨ᠋ᠶᠣᠷ ᠤᠳ ᠤᠨ ᠠᠩ᠋ᠬᠠᠳᠤᠭᠠᠷ ᠵᠥᠪᠯᠡᠭᠡᠨ》 ᠍ ᠳᠥ ᠲᠠᠨᠢᠯᠴᠠᠭᠤᠯᠵᠤ᠂ ᠵᠥᠪᠯᠡᠭᠡᠨ ᠳᠥ ᠣᠷᠣᠯᠴᠠᠭᠴᠢᠳ ᠲᠤ ᠠᠮᠵᠢᠯᠲᠠ ᠬᠦᠰᠡᠪᠡ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠵᠠᠯᠠᠭᠤ ᠪᠢᠽᠢᠨ᠋᠋ᠧᠰ ᠡᠷᠬᠢᠯᠡᠭᠴᠢᠳ ᠢ ᠳᠡᠮᠵᠢᠬᠦ ᠦᠢᠯᠡ ᠠᠵᠢᠯᠯᠠᠭᠠᠨ ᠤ ᠬᠦᠷᠢᠶᠡᠨ ᠳᠥ ᠵᠣᠬᠢᠶᠠᠨ ᠪᠠᠢᠢᠭᠤᠯᠤᠭᠳᠠᠭᠰᠠᠨ ᠡᠨᠡᠬᠦ ᠵᠥᠪᠯᠡᠭᠡᠨ ᠳᠥ ᠮᠣᠩ᠋ᠭᠣᠯ᠂ ᠪᠦᠭᠦᠳᠡ ᠨᠠᠢᠢᠷᠠᠮᠳᠠᠬᠤ ᠰᠣᠯᠣᠩ᠋ᠭᠤᠰ ᠤᠯᠤᠰ᠍ ᠤᠨ ᠵᠠᠯᠠᠭᠤ ᠪᠢᠽᠢᠨ᠋᠋ᠧᠰ ᠡᠷᠬᠢᠯᠡᠭᠴᠢᠳ ᠣᠷᠣᠯᠴᠠᠵᠤ᠂ ᠢᠯᠡᠳᠬᠡᠯ ᠲᠠᠯᠪᠢᠨ᠂ ᠢᠯᠡᠳᠬᠡᠯ ᠦᠨ ᠢᠶᠡᠨ ᠬᠦᠷᠢᠶᠡᠨ ᠳᠥ ᠶᠠᠷᠢᠯᠴᠠᠭᠰᠠᠨ ᠶᠤᠮ᠃
ᠵᠥᠪᠯᠡᠭᠡᠨ ᠳᠥ᠄
- 《Kakao Mobility》 ᠺᠣᠮᠫᠠᠨᠢ ᠢᠢᠨ ᠭᠦᠢᠴᠡᠳᠭᠡᠬᠦ ᠵᠠᠬᠢᠷᠤᠯ John Joohwan Jung
- 《Tmon》 ᠺᠣᠮᠫᠠᠨᠢ ᠢᠢᠨ ᠡᠭᠦᠰᠬᠡᠨ ᠪᠠᠢᠢᠭᠤᠯᠤᠭᠴᠢ᠂ ᠲᠡᠷᠢᠭᠦᠨ Daniel Hyunsung Shin
- ᠪᠦᠭᠦᠳᠡ ᠨᠠᠢᠢᠷᠠᠮᠳᠠᠬᠤ ᠰᠣᠯᠣᠩ᠋ᠭᠤᠰ ᠤᠯᠤᠰ᠍ ᠤᠨ ᠬᠥᠳᠡᠭᠡ᠂ ᠣᠷᠣᠨ ᠨᠤᠲᠤᠭ ᠤᠨ ᠬᠥᠭ᠍ᠵᠢᠯ ᠦᠨ ᠬᠡᠯᠲᠡᠰ ᠦᠨ ᠬᠠᠮᠠᠭᠠᠯᠠᠯᠲᠠ ᠲᠠᠢ ᠭᠠᠵᠠᠷ ᠲᠠᠷᠢᠶᠠᠯᠠᠩ᠂ ᠴᠡᠴᠡᠷᠯᠢᠭᠵᠢᠭᠦᠯᠦᠯᠲᠡ ᠢᠢᠨ ᠰᠤᠳᠤᠯᠭᠠᠨ ᠤ ᠲᠥᠪ ᠦᠨ ᠲᠡᠷᠢᠭᠦᠨ Kang Jin Lee
- ᠪᠦᠭᠦᠳᠡ ᠨᠠᠢᠢᠷᠠᠮᠳᠠᠬᠤ ᠰᠣᠯᠣᠩ᠋ᠭᠤᠰ ᠤᠯᠤᠰ᠍ ᠤᠨ ᠬᠥᠷᠥᠩᠭᠡ ᠣᠷᠣᠭᠤᠯᠤᠭᠴᠢᠳ ᠤᠨ ᠲᠦᠩᠰᠢᠯᠡᠯ ᠦᠨ ᠭᠦᠢᠴᠡᠳᠭᠡᠬᠦ ᠵᠠᠬᠢᠷᠤᠯ Jonghyun Kim᠂
- 《ᠲᠠᠯ᠎ᠠ ᠢᠢᠨ ᠡᠵᠡᠨ》 ᠺᠣᠮᠫᠠᠨᠢ ᠢᠢᠨ ᠡᠭᠦᠰᠬᠡᠨ ᠪᠠᠢᠢᠭᠤᠯᠤᠭᠴᠢ ᠰᠠᠨᠳᠤᠭᠳᠣᠷᠵᠢ ᠢᠢᠨ ᠰᠠᠢᠢᠬᠠᠨᠪᠠᠶᠠᠷ
- 《ᠨᠣᠭᠣᠭᠠᠨ ᠬᠥᠭ᠍ᠵᠢᠯ᠂ ᠠᠶᠠᠯᠠᠯ ᠵᠢᠭᠤᠯᠴᠢᠯᠠᠯ ᠤᠨ ᠨᠢᠭᠡᠳᠦᠭᠰᠡᠨ ᠪᠣᠳᠣᠯᠭ᠎ᠠ》 ᠲᠥᠰᠥᠯ ᠦᠨ ᠵᠣᠬᠢᠴᠠᠭᠤᠯᠤᠭᠴᠢ ᠰᠤᠭᠢᠷᠳᠥᠷᠵᠢ ᠢᠢᠨ ᠸᠴᠢᠷ-ᠡᠷᠳᠡᠨᠢ
- 《Karvuon》 ᠺᠣᠮᠫᠠᠨᠢ ᠢᠢᠨ ᠡᠭᠦᠰᠬᠡᠨ ᠪᠠᠢᠢᠭᠤᠯᠤᠭᠴᠢ ᠪᠠᠲᠤ-ᠣᠷᠣᠰᠢᠬᠤ ᠢᠢᠨ ᠮᠠᠩᠯᠠᠢ
- 《ᠲᠩᠷᠢ ᠺᠠᠫᠢᠲ᠋ᠠᠯ》 ᠦᠨᠡᠲᠦ ᠴᠠᠭᠠᠰᠤᠨ ᠤ ᠺᠣᠮᠫᠠᠨᠢ ᠢᠢᠨ ᠳᠡᠳ᠋ ᠵᠠᠬᠢᠷᠤᠯ ᠪᠠᠰᠠᠩᠳᠠᠸᠠ ᠢᠢᠨ ᠳᠥᠯᠥᠭᠡᠨ ᠨᠠᠷ ᠦᠨᠳᠦᠰᠦᠨ ᠢᠯᠡᠳᠬᠡᠭ᠍ᠴᠢ ᠪᠡᠷ ᠣᠷᠣᠯᠴᠠᠵᠤ᠂ ᠬᠡᠯᠡᠯᠴᠡᠭᠦᠯᠭᠡ ᠥᠷᠨᠢᠭᠦᠯᠪᠡ᠃