Та "Internet explorer"-ийн сүүлийн хувилбар болох "Microsoft edge"-г ашиглана уу

Хэрэв "Microsoft edge"-г татах бол энд дарж татаж авна уу

ᠰᠢᠯᠢᠳᠡᠭ ᠵᠠᠯᠠᠭᠤ ᠡᠷᠳᠡᠮ ᠰᠢᠨᠵᠢᠯᠡᠭᠡᠨ ᠦ ᠠᠵᠢᠯᠲᠠᠨ᠂ ᠰᠤᠳᠤᠯᠤᠭᠠᠴᠢᠳ ᠲᠤ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠨᠡᠷᠡᠮᠵᠢᠲᠦ ᠱᠠᠩᠨᠠᠯ ᠣᠯᠭᠤᠯ᠎ᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ 《ᠰᠢᠯᠢᠳᠡᠭ ᠵᠠᠯᠠᠭᠤ ᠡᠷᠳᠡᠮ ᠰᠢᠨᠵᠢᠯᠡᠭᠡᠨ ᠦ ᠠᠵᠢᠯᠲᠠᠨ᠂ ᠰᠤᠳᠤᠯᠤᠭᠠᠴᠢᠳ ᠲᠤ ᠱᠠᠩᠨᠠᠯ ᠣᠯᠭᠣᠬᠤ ᠲᠤᠬᠠᠢ》 ᠵᠠᠷᠯᠢᠭ ᠭᠠᠷᠭᠠᠵᠤ᠂ ᠥᠨᠥᠳᠥᠷ 2018 ᠣᠨ ᠤ ᠰᠢᠯᠢᠳᠡᠭ ᠰᠤᠳᠤᠯᠤᠭᠠᠴᠢᠳ ᠲᠤ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠨᠡᠷᠡᠮᠵᠢᠲᠦ ᠱᠠᠩᠨᠠᠯ ᠢ ᠬᠦᠷᠲᠡᠭᠡᠪᠡ᠃

 

2018 ᠣᠨ ᠤ ᠰᠢᠯᠢᠳᠡᠭ ᠵᠠᠯᠠᠭᠤ ᠡᠷᠳᠡᠮ ᠰᠢᠨᠵᠢᠯᠡᠭᠡᠨ ᠦ ᠠᠵᠢᠯᠲᠠᠨ᠂ ᠰᠤᠳᠤᠯᠤᠭᠠᠴᠢ ᠪᠠᠷ᠄

 

ᠰᠢᠨᠵᠢᠯᠡᠬᠦ ᠤᠬᠠᠭᠠᠨ ᠤ ᠠᠺᠠᠳᠧᠮᠢ ᠢᠢᠨ ᠶᠡᠷᠦᠩᠬᠡᠢ ᠪᠣᠯᠤᠨ ᠰᠣᠷᠢᠯ ᠤᠨ ᠪᠢᠣᠯᠣᠭᠢ ᠢᠢᠨ ᠬᠦᠷᠢᠶᠡᠯᠡᠩ ᠦᠨ ᠭᠧᠨᠧᠲ᠋ᠢᠭ ᠤᠨ ᠯᠠᠪᠤᠷᠠᠲ᠋ᠣᠷᠢ ᠢᠢᠨ ᠡᠷᠬᠢᠯᠡᠭᠴᠢ᠂ ᠳ᠋ᠣᠺᠲ᠋ᠣᠷ ᠪ ∙ ᠴᠡᠷᠢᠩᠳᠤᠯᠮ᠎ᠠ;

ᠰᠢᠨᠵᠢᠯᠡᠬᠦ ᠤᠬᠠᠭᠠᠨ᠂ ᠲᠧᠭᠨᠣᠯᠣᠭᠢ ᠢᠢᠨ ᠶᠡᠬᠡ ᠰᠤᠷᠭᠠᠭᠤᠯᠢ ᠢᠢᠨ ᠮᠡᠳᠡᠭᠡᠯᠡᠯ ᠬᠣᠯᠪᠣᠭᠠᠨ ᠤ ᠲᠧᠭᠨᠣᠯᠣᠭᠢ ᠢᠢᠨ ᠰᠤᠷᠭᠠᠭᠤᠯᠢ ᠢᠢᠨ ᠠᠬᠠᠯᠠᠬᠤ ᠪᠠᠭᠰᠢ᠂ ᠳ᠋ᠣᠺᠲ᠋ᠣᠷ ᠲ ∙ ᠵᠣᠯᠵᠠᠶᠠᠭ᠎ᠠ

ᠠᠨᠠᠭᠠᠬᠤ ᠢᠢᠨ ᠰᠢᠨᠵᠢᠯᠡᠬᠦ ᠤᠬᠠᠭᠠᠨ ᠤ ᠦᠨᠳᠦᠰᠦᠨ ᠦ ᠶᠡᠬᠡ ᠰᠤᠷᠭᠠᠭᠤᠯᠢ ᠢᠢᠨ ᠰᠢᠨᠵᠢᠯᠡᠬᠦ ᠤᠬᠠᠭᠠᠨ᠂ ᠲᠧᠭᠨᠣᠯᠣᠭᠢ ᠢᠢᠨ ᠭᠠᠵᠠᠷ ᠤᠨ ᠮᠡᠷᠭᠡᠵᠢᠯᠲᠡᠨ᠂ ᠳ᠋ᠣᠺᠲ᠋ᠣᠷ ᠪ ∙ ᠬᠣᠩ᠋ᠭᠣᠷᠵᠤᠯᠠ ᠨᠠᠷ ᠡᠷᠳᠡᠮ᠂ ᠰᠢᠨᠵᠢᠯᠡᠭᠡᠨ ᠦ ᠠᠵᠢᠯ ᠢᠶᠠᠷ ᠢᠶᠠᠨ ᠰᠢᠯᠭᠠᠷᠠᠯ᠎ᠠ᠃

 

ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠵ ∙ ᠡᠩᠬᠡᠪᠣᠯᠤᠳ ᠳᠡᠭᠡᠷᠡᠬᠢ ᠰᠢᠯᠢᠳᠡᠭ ᠵᠠᠯᠠᠭᠤ ᠡᠷᠳᠡᠮ ᠰᠢᠨᠵᠢᠯᠡᠭᠡᠨ ᠦ ᠠᠵᠢᠯᠲᠠᠨ᠂ ᠰᠤᠳᠤᠯᠤᠭᠠᠴᠢᠳ ᠲᠤ ᠱᠠᠩᠨᠠᠯ ᠢ ᠨᠢ ᠭᠠᠷᠤᠭᠤᠯᠵᠤ᠂ ᠪᠠᠶᠠᠷ ᠬᠦᠷᠭᠡᠨ ᠦᠭᠡ ᠬᠡᠯᠡᠯ᠎ᠡ᠃

 

ᠲᠡᠷᠡ ᠪᠡᠷ ᠬᠡᠯᠡᠭᠰᠡᠨ ᠦᠭᠡᠨ ᠳᠡᠭᠡᠨ᠄

《ᠰᠢᠨᠵᠢᠯᠡᠬᠦ ᠤᠬᠠᠭᠠᠨ ᠳᠤ ᠵᠠᠯᠠᠭᠤ ᠦᠶ᠎ᠡ ᠢᠢ ᠲᠠᠲᠠᠨ ᠣᠷᠤᠯᠴᠠᠭᠤᠯᠬᠤ᠂ ᠵᠠᠯᠠᠭᠤ ᠰᠤᠳᠤᠯᠤᠭᠠᠴᠢᠳ ᠢ ᠬᠥᠬᠢᠭᠦᠯᠦᠨ ᠳᠡᠮᠵᠢᠬᠦ ᠵᠣᠷᠢᠯᠭ᠎ᠠ ᠪᠠᠷ ᠵᠢᠯ ᠪᠦᠷᠢ ᠰᠢᠨᠵᠢᠯᠡᠬᠦ ᠤᠬᠠᠭᠠᠨ ᠤ ᠰᠠᠯᠪᠤᠷᠢ ᠢᠢᠨ 3 ᠬᠦᠷᠲᠡᠯᠡᠬᠢ ᠠᠵᠢᠯᠲᠠᠨ ᠳᠤ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠨᠡᠷᠡᠮᠵᠢᠲᠦ ᠱᠠᠩᠨᠠᠯ ᠢ ᠣᠯᠭᠤᠳᠠᠭ ᠤᠯᠠᠮᠵᠢᠯᠠᠯ ᠲᠠᠢ᠃

 

ᠰᠢᠨᠵᠢᠯᠡᠬᠦ ᠤᠬᠠᠭᠠᠨ ᠪᠣᠯ ᠤᠯᠤᠰ ᠣᠷᠣᠨ ᠤ ᠬᠥᠭ᠍ᠵᠢᠯ ᠳᠡᠪᠰᠢᠯ ᠦᠨ ᠲᠤᠯᠭᠠᠭᠤᠷ ᠬᠦᠴᠦᠨ ᠵᠦᠢᠯ ᠶᠤᠮ᠃ ᠬᠠᠷᠢᠨ ᠰᠢᠨᠵᠢᠯᠡᠬᠦ ᠤᠬᠠᠭᠠᠨ ᠪᠦᠲᠦᠭᠡᠬᠦ ᠠᠷᠭ᠎ᠠ ᠪᠣᠯᠬᠤ ᠡᠷᠳᠡᠮ ᠰᠢᠨᠵᠢᠯᠡᠭᠡ᠂ ᠰᠤᠳᠤᠯᠭᠠᠨ ᠤ ᠠᠵᠢᠯ ᠭᠡᠳᠡᠭ ᠪᠣᠯ ᠬᠦᠮᠦᠨ ᠪᠦᠷᠢ ᠢᠢᠨ ᠬᠢᠵᠦ ᠴᠢᠳᠠᠳᠠᠭ ᠠᠮᠠᠷ ᠠᠵᠢᠯ ᠪᠢᠰᠢ᠃ ᠰᠤᠳᠤᠯᠭ᠎ᠠ ᠰᠢᠨᠵᠢᠯᠡᠭᠡᠨ ᠦ ᠠᠵᠢᠯ ᠳᠤ ᠳᠤᠷ᠎ᠠ ᠰᠣᠨᠢᠷᠬᠠᠯ ᠲᠠᠢ᠂ ᠰᠢᠨᠵᠢᠯᠡᠬᠦ ᠤᠬᠠᠭᠠᠨᠴᠢ ᠬᠥᠭ᠍ᠵᠢᠯ ᠳᠥ ᠲᠡᠮᠡᠦᠯᠦᠭᠰᠡᠨ ᠵᠠᠯᠠᠭᠤ ᠦᠶ᠎ᠡ ᠢᠢ ᠪᠡᠯᠡᠳᠬᠡᠬᠦ ᠳᠥ ᠲᠥᠷᠥ ᠡᠴᠡ ᠲᠣᠭᠲᠠᠮᠠᠯ ᠠᠩ᠋ᠬᠠᠷᠴᠤ᠂ ᠤᠷᠮᠠᠰᠢᠭᠤᠯᠤᠨ ᠳᠡᠮᠵᠢᠳᠡᠭ ᠪᠠᠢᠢᠬᠤ ᠶᠣᠰᠣᠲᠠᠢ᠃

 

ᠥᠨᠥ ᠵᠢᠯ ᠰᠤᠳᠤᠯᠭ᠎ᠠ ᠰᠢᠨᠵᠢᠯᠡᠭᠡᠨ ᠦ ᠪᠦᠲᠦᠭᠡᠯ ᠲᠤᠭᠤᠷᠪᠢᠯ ᠢᠶᠠᠷ ᠢᠶᠠᠨ ᠳᠡᠯᠡᠬᠡᠢ ᠢᠢᠨ ᠪᠣᠯᠤᠨ ᠡᠬᠡ ᠣᠷᠣᠨ ᠤ ᠪᠠᠨ ᠰᠢᠨᠵᠢᠯᠡᠬᠦ ᠤᠬᠠᠭᠠᠨ ᠤ ᠬᠥᠭ᠍ᠵᠢᠯ ᠳᠥ ᠲᠣᠳᠣᠷᠬᠠᠢ ᠬᠤᠪᠢ ᠨᠡᠮᠡᠷᠢ ᠣᠷᠣᠭᠤᠯᠤᠭᠰᠠᠨ 3 ᠵᠠᠯᠠᠭᠤ ᠰᠤᠳᠤᠯᠤᠭᠠᠴᠢ ᠶᠡᠷᠦᠩᠬᠡᠢᠢᠯᠡᠭᠴᠢ ᠢᠢᠨ ᠨᠡᠷᠡᠮᠵᠢᠲᠦ ᠱᠠᠩᠨᠠᠯ ᠢ ᠬᠦᠷᠲᠡᠯ᠎ᠡ᠃

 

ᠳ᠋ᠣᠺᠲ᠋ᠣᠷ ᠪ ∙ ᠴᠡᠷᠢᠩᠳᠤᠯᠮ᠎ᠠ᠂ ᠲ ∙ ᠵᠣᠯᠵᠠᠶᠠᠭ᠎ᠠ᠂ ᠪ ∙ ᠬᠣᠩ᠋ᠭᠣᠷᠵᠤᠯᠠ ᠨᠠᠷ ᠬᠦᠮᠦᠨ ᠦ ᠭᠧᠨ᠂ ᠲᠠᠷᠢᠬᠢ ᠰᠤᠳᠤᠯᠤᠯ᠂ ᠮᠡᠳᠡᠭᠡᠯᠡᠯ ᠦᠨ ᠲᠧᠭᠨᠣᠯᠣᠭᠢ ᠢᠢᠨ ᠴᠢᠭᠯᠡᠯ ᠢᠶᠡᠷ ᠣᠨᠣᠯ – ᠠᠷᠭ᠎ᠠ ᠵᠦᠢ ᠢᠢᠨ ᠲᠦᠪᠰᠢᠨ᠂ ᠬᠡᠷᠡᠭᠯᠡᠭᠡᠨ ᠦ ᠥᠭ᠍ᠭᠦᠭᠡᠵᠢ ᠪᠡᠷ ᠢᠶᠡᠨ ᠵᠠᠯᠠᠭᠤ ᠰᠤᠳᠤᠯᠤᠭᠠᠴᠢᠳ ᠢᠶᠠᠨ ᠲᠡᠷᠢᠭᠦᠯᠡᠭᠰᠡᠨ ᠡᠷᠳᠡᠮ ᠰᠢᠨᠵᠢᠯᠡᠭᠡᠨ ᠦ ᠠᠵᠢᠯ ᠭᠦᠢᠴᠡᠳᠭᠡᠵᠡᠢ᠃ ᠲᠡᠳᠡᠨ ᠦ ᠣᠯᠠᠨ ᠤᠯᠤᠰ ᠤᠨ ᠨᠡᠷ᠎ᠡ ᠬᠦᠨᠳᠦᠲᠡᠢ ᠰᠡᠳᠬᠦᠯ ᠦᠳ ᠲᠥ ᠬᠡᠪᠯᠡᠭᠦᠯᠦᠭᠰᠡᠨ ᠰᠤᠳᠤᠯᠭᠠᠨ ᠤ ᠠᠵᠢᠯ ᠲᠤᠰ ᠪᠦᠷᠢ 70 ᠭᠠᠷᠤᠢ ᠤᠳᠠᠭ᠎ᠠ ᠡᠰᠢᠯᠡᠭᠳᠡᠭᠰᠡᠨ ᠪᠠᠢᠢᠭ᠎ᠠ ᠨᠢ ᠰᠤᠳᠤᠯᠭᠠᠨ ᠤ ᠠᠵᠢᠯ ᠤᠨ ᠴᠢᠨᠠᠷ ᠴᠢᠨᠰᠠᠭ᠎ᠠ᠂ ᠠᠴᠢ ᠬᠣᠯᠪᠣᠭᠳᠠᠯ ᠢ ᠨᠢ ᠬᠠᠷᠠᠭᠤᠯᠵᠤ ᠪᠠᠢᠢᠨ᠎ᠠ᠃

 

ᠲᠠ ᠪᠦᠬᠦᠨ ᠦ ᠮᠣᠩ᠋ᠭᠣᠯ ᠤᠯᠤᠰ ᠤᠨ ᠢᠶᠠᠨ ᠰᠢᠨᠵᠢᠯᠡᠬᠦ ᠤᠬᠠᠭᠠᠨ ᠤ ᠬᠥᠭ᠍ᠵᠢᠯ ᠳᠥ ᠣᠷᠣᠭᠤᠯᠵᠤ ᠪᠤᠢ ᠬᠤᠪᠢ ᠨᠡᠮᠡᠷᠢ ᠳᠥ ᠲᠠᠯᠠᠷᠬᠠᠵᠤ᠂ ᠴᠢᠨᠠᠭᠰᠢᠳᠠ ᠢᠢᠨ ᠠᠵᠢᠯ ᠬᠥᠳᠡᠯᠮᠦᠷᠢ᠂ ᠰᠤᠳᠤᠯᠭ᠎ᠠ ᠰᠢᠨᠵᠢᠯᠡᠭᠡᠨ ᠦ ᠠᠵᠢᠯ ᠳᠤ ᠨᠢ ᠤᠯᠠᠮ ᠶᠡᠬᠡ ᠠᠮᠵᠢᠯᠲᠠ ᠬᠦᠰᠡᠶ᠎ᠡ᠃

 

ᠡᠷᠳᠡᠮ ᠤᠬᠠᠭᠠᠨ ᠳᠡᠯᠭᠡᠷᠡᠬᠦ ᠪᠣᠯᠲᠤᠭᠠᠢ》 ᠭᠡᠯ᠎ᠡ᠃

 

《ᠰᠢᠯᠢᠳᠡᠭ ᠵᠠᠯᠠᠭᠤ ᠡᠷᠳᠡᠮ ᠰᠢᠨᠵᠢᠯᠡᠭᠡᠨ ᠦ ᠠᠵᠢᠯᠲᠠᠨ᠂ ᠰᠤᠳᠤᠯᠤᠭᠠᠴᠢᠳ ᠲᠤ ᠱᠠᠩᠨᠠᠯ ᠣᠯᠭᠣᠬᠤ ᠲᠤᠬᠠᠢ》 ᠵᠠᠷᠯᠢᠭ ᠳᠤᠷ᠄

 

《ᠬᠦᠮᠦᠨ ᠦ ᠪᠡᠶ᠎ᠡ ᠢᠢᠨ ᠣᠯᠠᠨ ᠡᠳ᠋ ᠡᠷᠬᠡᠲᠡᠨ ᠦ ᠭᠠᠵᠢᠭ ᠡᠭᠦᠰᠬᠦ ᠳᠥ ᠣᠷᠣᠯᠴᠠᠳᠠᠭ ᠰᠢᠨ᠎ᠡ ᠭᠧᠨ ᠨᠦᠭᠦᠳ ᠢ ᠢᠯᠡᠷᠡᠭᠦᠯᠦᠨ ᠪᠠᠲᠤᠯᠠᠵᠤ᠂ ᠡᠨᠡ ᠲᠥᠷᠥᠯ ᠦᠨ ᠬᠠᠮ ᠰᠢᠨᠵᠢ ᠢᠢᠨ ᠡᠭᠦᠰᠬᠦ ᠮᠣᠯᠧᠺᠤᠢᠯ ᠮᠧᠬᠠᠨᠢᠰᠮ᠂ ᠤᠴᠢᠷ ᠰᠢᠯᠲᠠᠭᠠᠨ ᠢ ᠲᠠᠢᠢᠯᠪᠤᠷᠢᠯᠠᠬᠤ; ᠤᠳᠤᠮᠰᠢᠯ ᠤᠨ ᠰᠢᠯᠲᠠᠭᠠᠨᠳᠤ ᠭᠠᠵᠢᠭ ᠡᠭᠦᠰᠬᠡᠳᠡᠭ ᠰᠢᠨ᠋ᠳ᠋ᠷᠤᠮ ᠤᠳ ᠤᠨ ᠭᠧᠨ᠂ ᠮᠤᠲ᠋ᠠᠼᠢ᠂ ᠮᠣᠯᠧᠺᠤᠢᠯ ᠮᠧᠬᠠᠨᠢᠰᠮ᠂ ᠨᠡᠢᠢᠯᠡᠭᠵᠢᠳᠡᠭ ᠤᠭᠤᠷᠠᠭ᠂ ᠲᠡᠳᠡᠭᠡᠷ ᠦᠨ ᠬᠠᠷᠢᠯᠴᠠᠨ ᠦᠢᠯᠡᠴᠢᠯᠡᠯ ᠢ ᠰᠤᠳᠤᠯᠵᠤ᠂ ᠡᠪᠡᠳᠴᠢᠨ ᠡᠭᠦᠰᠬᠦ ᠮᠧᠬᠠᠨᠢᠰᠮ᠂ ᠲᠡᠭᠦᠨ ᠦ ᠶᠠᠪᠤᠴᠠ ᠢᠢ ᠲᠠᠨᠢᠨ ᠮᠡᠳᠡᠬᠦ᠂ ᠤᠯᠠᠮ ᠢᠶᠠᠷ ᠣᠨᠣᠰᠢᠯᠠᠬᠤ᠂ ᠡᠮᠴᠢᠯᠡᠬᠦ ᠳᠥ ᠠᠴᠢ ᠬᠣᠯᠪᠣᠭᠳᠠᠯ ᠪᠦᠬᠦᠢ 《ᠬᠦᠮᠦᠨ ᠦ ᠭᠧᠨᠧᠲ᠋ᠢᠭ ᠤᠨ ᠭᠠᠵᠢᠭ ᠡᠭᠦᠰᠬᠡᠭ᠍ᠴᠢ ᠵᠠᠷᠢᠮ ᠭᠧᠨ ᠨᠦᠭᠦᠳ ᠦᠨ ᠬᠠᠷᠢᠯᠴᠠᠨ ᠦᠢᠯᠡᠴᠢᠯᠡᠯ》 ᠰᠡᠳᠦᠪᠲᠦ ᠰᠤᠳᠤᠯᠭᠠᠨ ᠤ ᠪᠦᠲᠦᠭᠡᠯ ᠲᠤᠭᠤᠷᠪᠢᠭᠰᠠᠨ ᠰᠢᠨᠵᠢᠯᠡᠬᠦ ᠤᠬᠠᠭᠠᠨ ᠤ ᠠᠺᠠᠳᠧᠮᠢ ᠢᠢᠨ ᠶᠡᠷᠦᠩᠬᠡᠢ ᠪᠣᠯᠤᠨ ᠰᠣᠷᠢᠯ ᠤᠨ ᠪᠢᠣᠯᠣᠭᠢ ᠢᠢᠨ ᠬᠦᠷᠢᠶᠡᠯᠡᠩ ᠦᠨ ᠭᠧᠨᠧᠲ᠋ᠢᠭ ᠤᠨ ᠯᠠᠪᠤᠷᠠᠲ᠋ᠣᠷᠢ ᠢᠢᠨ ᠡᠷᠬᠢᠯᠡᠭᠴᠢ᠂ ᠳ᠋ᠣᠺᠲ᠋ᠣᠷ ᠪ ∙ ᠴᠡᠷᠢᠩᠳᠤᠯᠮ᠎ᠠ;

 

ᠬᠦᠮᠦᠰ ᠦᠨ ᠡᠳᠦᠷ ᠲᠤᠲᠤᠮ ᠤᠨ ᠮᠡᠳᠡᠭᠡᠯᠡᠯ ᠲᠧᠭᠨᠣᠯᠣᠭᠢ ᠢᠢᠨ ᠠᠰᠢᠭᠯᠠᠯᠲᠠ ᠢᠢᠨ ᠶᠠᠪᠤᠴᠠ ᠳᠤ ᠪᠤᠢ ᠪᠣᠯᠵᠤ ᠪᠠᠢᠢᠭ᠎ᠠ ᠪᠠᠢᠢᠷᠢᠰᠢᠯ ᠪᠣᠯᠤᠨ ᠴᠠᠭ ᠬᠤᠭᠤᠴᠠᠭ᠎ᠠ ᠢᠢ ᠠᠭᠤᠯᠠᠭᠰᠠᠨ ᠶᠡᠬᠡ ᠬᠡᠮᠵᠢᠶᠡᠨ ᠦ ᠥᠭ᠍ᠭᠥᠭ᠍ᠳᠡᠯ ᠦᠳ ᠦᠨ ᠲᠤᠰᠠᠯᠠᠮᠵᠢ ᠲᠠᠢ ᠪᠠᠷ ᠨᠡᠢᠢᠭᠡᠮ ᠤᠨ ᠡᠷᠡᠭᠦᠯ ᠮᠡᠨᠳᠦ᠂ ᠠᠶᠤᠯ ᠦᠭᠡᠢ ᠪᠠᠢᠢᠳᠠᠯ ᠢ ᠬᠠᠩ᠋ᠭᠠᠬᠤ᠂ ᠲᠥᠷᠥᠯ ᠪᠦᠷᠢ ᠢᠢᠨ ᠡᠷᠦᠰᠳᠡᠯ ᠦᠨ ᠦᠨᠡᠯᠡᠭᠡ ᠬᠢᠬᠦ᠂ ᠤᠯᠠᠮ ᠢᠶᠠᠷ ᠠᠭᠠᠷ ᠤᠨ ᠪᠣᠬᠢᠷᠳᠠᠯ᠂ ᠬᠣᠲᠠ ᠳᠠᠬᠢᠨ ᠲᠥᠯᠥᠪᠯᠡᠯᠲᠡ᠂ ᠠᠦ᠋ᠲ᠋ᠣ᠋ ᠵᠠᠮ ᠤᠨ ᠬᠥᠳᠡᠯᠭᠡᠭᠡᠨ ᠦ ᠠᠴᠢᠶᠠᠯᠠᠯ ᠢ ᠪᠠᠭᠤᠷᠠᠭᠤᠯᠬᠤ ᠵᠡᠷᠭᠡ ᠤᠯᠤᠰ ᠣᠷᠣᠨ ᠤ ᠨᠡᠢᠢᠭᠡᠮ᠂ ᠡᠳ᠋ ᠍ ᠦᠨ ᠵᠠᠰᠠᠭ ᠤᠨ ᠣᠯᠠᠨ ᠠᠰᠠᠭᠤᠳᠠᠯ ᠤᠳ ᠢ ᠰᠢᠢᠳᠪᠦᠷᠢᠯᠡᠬᠦ ᠪᠣᠯᠤᠮᠵᠢ ᠲᠠᠢ ᠢᠢ ᠰᠤᠳᠤᠯᠤᠭᠰᠠᠨ 《ᠪᠠᠢᠢᠷᠢᠰᠢᠯ ᠪᠣᠯᠤᠨ ᠴᠠᠭ ᠬᠤᠭᠤᠴᠠᠭ᠎ᠠ ᠢᠢ ᠠᠭᠤᠯᠠᠭᠰᠠᠨ ᠲᠣᠮᠣ ᠬᠡᠮᠵᠢᠶᠡᠨ ᠦ ᠥᠭ᠍ᠭᠥᠭ᠍ᠳᠡᠯ ᠦᠨ ᠮᠡᠳᠡᠭᠡᠯᠡᠯ ᠡᠴᠡ ᠤᠯᠤᠰ ᠣᠷᠣᠨ ᠤ ᠬᠡᠮᠵᠢᠶᠡᠨ ᠳᠥ ᠬᠦᠮᠦᠰ ᠦᠨ ᠦᠢᠯᠡ ᠠᠵᠢᠯᠯᠠᠭ᠎ᠠ᠂ ᠲᠥᠯᠥᠪ ᠪᠠᠢᠢᠳᠠᠯ ᠢ ᠣᠨ᠋ᠲ᠋ᠣᠯᠣᠭᠢ ᠪᠣᠯᠤᠨ ᠰᠲ᠋ᠠᠲ᠋ᠢᠰᠲ᠋ᠢᠺ ᠤᠨ ᠠᠷᠭ᠎ᠠ ᠪᠠᠷ ᠰᠢᠨᠵᠢᠯᠡᠨ ᠤᠷᠢᠳᠴᠢᠯᠠᠨ ᠲᠠᠭᠠᠮᠠᠭᠯᠠᠬᠤ ᠨᠢ》 ᠰᠡᠳᠦᠪᠲᠦ ᠠᠵᠢᠯ ᠭᠦᠢᠴᠡᠳᠭᠡᠭ᠍ᠰᠡᠨ ᠰᠢᠨᠵᠢᠯᠡᠬᠦ ᠤᠬᠠᠭᠠᠨ᠂ ᠲᠧᠭᠨᠣᠯᠣᠭᠢ ᠢᠢᠨ ᠶᠡᠬᠡ ᠰᠤᠷᠭᠠᠭᠤᠯᠢ ᠢᠢᠨ ᠮᠡᠳᠡᠭᠡᠯᠡᠯ ᠬᠣᠯᠪᠣᠭᠠᠨ ᠤ ᠲᠧᠭᠨᠣᠯᠣᠭᠢ ᠢᠢᠨ ᠰᠤᠷᠭᠠᠭᠤᠯᠢ ᠢᠢᠨ ᠠᠬᠠᠯᠠᠬᠤ ᠪᠠᠭᠰᠢ᠂ ᠳ᠋ᠣᠺᠲ᠋ᠣᠷ ᠲ ∙ ᠵᠣᠯᠵᠠᠶᠠᠭ᠎ᠠ;

 

ᠥᠨᠦᠴᠢᠨ ᠲᠠᠷᠢᠬᠢᠨ ᠤ ᠡᠭᠦᠳᠦᠯ ᠡᠰ ᠨᠢ ᠨᠠᠭᠠᠯᠳᠤᠭᠴᠢ ᠤᠭᠤᠷᠠᠭ ᠤᠨ ᠲᠤᠰᠠᠯᠠᠮᠵᠢ ᠲᠠᠢ ᠪᠠᠷ ᠥᠪᠡᠷ ᠬᠣᠭᠣᠷᠣᠨᠳᠣ ᠪᠠᠨ ᠮᠡᠳᠡᠭᠡᠯᠡᠯ ᠳᠠᠮᠵᠢᠭᠤᠯᠤᠭᠴᠢ  ᠢ ᠢᠳᠡᠪᠬᠢᠵᠢᠭᠦᠯᠳᠡᠭ᠂ ᠡᠨᠡ ᠨᠢ ᠥᠨᠦᠴᠢᠨ ᠲᠠᠷᠢᠬᠢᠨ ᠤ ᠡᠭᠦᠳᠦᠯ ᠡᠰ ᠦᠨ ᠣᠯᠠᠰᠢᠷᠠᠯ ᠢ ᠵᠣᠬᠢᠴᠠᠭᠤᠯᠳᠠᠭ ᠪᠣᠯᠬᠤ ᠢᠢ ᠲᠣᠭᠲᠠᠭᠠᠵᠤ; ᠥᠨᠦᠴᠢᠨ ᠲᠠᠷᠢᠬᠢᠨ ᠤ ᠡᠭᠦᠳᠦᠯ ᠡᠰ ᠦᠳ ᠪᠤᠰᠤᠳ ᠡᠷᠬᠡᠲᠡᠨ ᠲᠣᠭᠲᠠᠯᠴᠠᠭᠠᠨ ᠤ ᠵᠠᠷᠴᠢᠮ ᠲᠠᠢ ᠠᠳᠠᠯᠢ ᠦᠭᠡᠢ ᠪᠡᠷ ᠥᠪᠡᠷ ᠬᠣᠭᠣᠷᠣᠨᠳᠣ ᠪᠠᠨ ᠮᠡᠳᠡᠭᠡᠯᠡᠯ ᠳᠠᠮᠵᠢᠭᠤᠯᠤᠨ᠂ ᠥᠪᠡᠷᠰᠡᠳ ᠦᠨ ᠦᠢᠯᠡ ᠠᠵᠢᠯᠯᠠᠭ᠎ᠠ᠂ ᠡᠭᠦᠳᠦᠯ ᠡᠰ ᠦᠨ ᠣᠯᠠᠰᠢᠷᠠᠯ᠂ ᠬᠤᠪᠢᠶᠠᠭᠳᠠᠯ ᠢ ᠵᠣᠬᠢᠴᠠᠭᠤᠯᠳᠠᠭ ᠪᠣᠯᠬᠤ ᠢᠢ ᠪᠠᠲᠤᠯᠠᠭᠰᠠᠨ 《ᠡᠭᠦᠳᠦᠯ ᠡᠰ ᠪᠠ ᠲᠡᠭᠦᠨ ᠦ ᠡᠭᠦᠷ》 ᠰᠡᠳᠦᠪᠲᠦ ᠰᠤᠳᠤᠯᠭᠠᠨ ᠤ ᠠᠵᠢᠯ ᠬᠢᠭ᠍ᠰᠡᠨ ᠠᠨᠠᠭᠠᠬᠤ ᠢᠢᠨ ᠰᠢᠨᠵᠢᠯᠡᠬᠦ ᠤᠬᠠᠭᠠᠨ ᠤ ᠦᠨᠳᠦᠰᠦᠨ ᠦ ᠶᠡᠬᠡ ᠰᠤᠷᠭᠠᠭᠤᠯᠢ ᠢᠢᠨ ᠰᠢᠨᠵᠢᠯᠡᠬᠦ ᠤᠬᠠᠭᠠᠨ᠂ ᠲᠧᠭᠨᠣᠯᠣᠭᠢ ᠢᠢᠨ ᠭᠠᠵᠠᠷ ᠤᠨ ᠮᠡᠷᠭᠡᠵᠢᠯᠲᠡᠨ᠂ ᠳ᠋ᠣᠺᠲ᠋ᠣᠷ ᠪᠠᠲᠤᠴᠢᠯᠠᠭᠤᠨ ᠤ ᠬᠣᠩ᠋ᠭᠣᠷᠵᠤᠯᠠ ᠨᠠᠷ ᠲᠤ ᠰᠢᠯᠢᠳᠡᠭ ᠵᠠᠯᠠᠭᠤ ᠡᠷᠳᠡᠮ ᠰᠢᠨᠵᠢᠯᠡᠭᠡᠨ ᠦ ᠠᠵᠢᠯᠲᠠᠨ᠂ ᠰᠤᠳᠤᠯᠤᠭᠠᠴᠢᠳ ᠲᠤ ᠣᠯᠭᠤᠬᠤ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠨᠡᠷᠡᠮᠵᠢᠲᠦ 2018 ᠣᠨ ᠤ ᠱᠠᠩᠨᠠᠯ ᠢ ᠬᠦᠷᠲᠡᠭᠡᠰᠦᠭᠡᠢ》 ᠭᠡᠵᠡᠢ᠃