Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠭᠠᠩᠨᠠᠭᠤᠷᠴᠢᠨ ᠦᠬᠢᠨ ᠡ᠊ ∙ ᠠᠭᠤᠵᠢᠮᠰᠡᠳᠬᠡᠯᠳᠦ ᠳᠥ 《ᠰᠢᠯᠢᠳᠡᠭ ᠵᠠᠯᠠᠭᠤ ᠠᠵᠢᠯᠴᠢᠨ》 ᠱᠠᠩᠨᠠᠯ ᠭᠠᠷᠳᠠᠭᠤᠯᠤᠯ᠎ᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠥᠨᠥᠳᠥᠷ 《ᠰᠢᠯᠢᠳᠡᠭ ᠵᠠᠯᠠᠭᠤ ᠠᠵᠢᠯᠴᠢᠨ ᠳᠤ ᠱᠠᠩᠨᠠᠯ ᠣᠯᠭᠤᠬᠤ ᠲᠤᠬᠠᠢ》 ᠵᠠᠷᠯᠢᠭ ᠭᠠᠷᠭᠠᠵᠤ᠄

 

ᠮᠡᠷᠭᠡᠵᠢᠯ ᠦᠨ ᠪᠣᠯᠪᠠᠰᠤᠷᠠᠯ᠂ ᠤᠷ᠎ᠠ ᠴᠢᠳᠠᠪᠤᠷᠢ᠂ ᠠᠵᠢᠯ ᠤᠨ ᠪᠦᠲᠦᠭᠡᠮᠵᠢ ᠪᠡᠷ ᠢᠶᠡᠨ ᠣᠨᠴᠠᠭᠠᠢ ᠠᠮᠵᠢᠯᠲᠠ ᠭᠠᠷᠭᠠᠨ᠂ ᠵᠠᠯᠠᠭᠤ ᠦᠶ᠎ᠡ ᠢᠢ ᠠᠵᠢᠯ ᠬᠥᠳᠡᠯᠮᠦᠷᠢ᠂ ᠪᠦᠲᠦᠭᠡᠯᠴᠢ ᠦᠢᠯᠡᠳᠪᠦᠷᠢᠯᠡᠯ ᠳᠥ ᠤᠷᠢᠶᠠᠯᠠᠵᠤ᠂ ᠬᠥᠳᠡᠯᠮᠦᠷᠢ ᠡᠷᠬᠢᠯᠡᠯᠲᠡ ᠢᠢᠨ ᠰᠠᠯᠪᠤᠷᠢ ᠳᠤ ᠦᠯᠢᠭᠡᠷ ᠵᠢᠱᠢᠶ᠎ᠡ ᠬᠤᠪᠢ ᠨᠡᠮᠡᠷᠢ ᠣᠷᠣᠭᠤᠯᠵᠤ ᠪᠤᠢ ᠮᠡᠷᠭᠡᠰᠢᠭᠰᠡᠨ ᠪᠣᠯᠪᠠᠰᠤᠨ ᠬᠦᠴᠦᠨ᠂ ᠮᠣᠩ᠋ᠭᠣᠯ-ᠰᠣᠯᠣᠩ᠋ᠭᠣᠰ ᠤᠨ ᠬᠠᠮᠲᠤᠷᠠᠭᠰᠠᠨ ᠫᠣᠯᠢᠲ᠋ᠧᠭᠨᠢᠭ ᠤᠨ ᠺᠣᠯᠯᠧᠵᠢ ᠢᠢᠨ ᠣᠶᠤᠲᠠᠨ᠂ ᠭᠠᠩᠨᠠᠭᠤᠷᠴᠢᠨ ᠡᠷᠳᠡᠨᠢ ᠢᠢᠨ ᠠᠭᠤᠵᠢᠮᠰᠡᠳᠬᠡᠯᠳᠦ ᠳᠥ ᠰᠢᠯᠢᠳᠡᠭ ᠵᠠᠯᠠᠭᠤ ᠠᠵᠢᠯᠴᠢᠨ ᠳᠤ ᠣᠯᠭᠤᠬᠤ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠨᠡᠷᠡᠮᠵᠢᠲᠦ ᠱᠠᠩᠨᠠᠯ ᠢ ᠣᠯᠭᠤᠯ᠎ᠠ᠃

 

ᠱᠠᠩᠨᠠᠯ ᠭᠠᠷᠳᠠᠭᠤᠯᠤᠭᠰᠡᠠ ᠤ ᠳᠠᠷᠠᠭ᠎ᠠ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ᠄

《 ᠲᠠ ᠪᠦᠬᠦᠨ ᠦ ᠡᠳᠦᠷ ᠦᠨ ᠠᠮᠤᠭᠤᠯᠠᠩ ᠢ ᠠᠢᠢᠯᠠᠳᠬᠠᠶ᠎ᠠ᠃

 

ᠥᠨᠥᠳᠥᠷ ᠮᠠᠰᠢ ᠶᠡᠬᠡ ᠠᠴᠢ ᠬᠣᠯᠪᠣᠭᠳᠠᠯ ᠲᠠᠢ ᠱᠠᠩᠨᠠᠯ ᠢ ᠠᠩ᠋ᠬᠠᠯᠠᠨ ᠭᠠᠷᠳᠠᠭᠤᠯᠤᠯ᠎ᠠ᠃ ᠮᠢᠨᠤ ᠪᠡᠶ᠎ᠡ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠬᠤᠪᠢ ᠪᠠᠷ ᠨᠡᠢᠢᠰᠯᠡᠯ ᠦᠨ 9 ᠳᠡᠭᠦᠷᠭᠡ᠂ 21 ᠠᠢᠢᠮᠠᠭ ᠤᠨ ᠢᠷᠭᠡᠳ ᠲᠡᠢ ᠪᠡᠨ ᠠᠭᠤᠯᠵᠠᠬᠤ ᠦᠶ᠎ᠡ ᠪᠡᠷ ᠢᠷᠭᠡᠳ 《ᠵᠠᠯᠠᠭᠤᠴᠤᠳ ᠲᠤ ᠠᠵᠢᠯ ᠬᠠᠩ᠋ᠭᠠᠯᠲᠠᠲᠠᠢ ᠣᠯᠳᠠᠬᠤ ᠴᠤ ᠠᠵᠢᠯ ᠬᠢᠬᠦ ᠰᠣᠨᠢᠷᠬᠠᠯ ᠦᠭᠡᠢ ᠪᠠᠢᠢᠨ᠎ᠠ》 ᠭᠡᠰᠡᠨ ᠰᠢᠭᠦᠮᠵᠢᠯᠡᠯ ᠢ ᠣᠯᠠᠨ ᠬᠡᠯᠡᠵᠦ ᠪᠠᠢᠢᠭᠰᠠᠨ᠃

 

ᠦᠨᠳᠦᠰᠦᠨ ᠦ ᠰᠲ᠋ᠠᠲ᠋ᠢᠰᠲ᠋ᠢᠺ ᠤᠨ ᠬᠣᠷᠢᠶᠠᠨ ᠤ ᠰᠤᠳᠤᠯᠭ᠎ᠠ ᠪᠠᠷ 2018 ᠣᠨ ᠤ ᠡᠬᠢᠨ ᠦ ᠪᠠᠢᠢᠳᠠᠯ ᠢᠶᠠᠷ ᠵᠥᠪᠬᠡᠨ ᠪᠦᠷᠢᠳᠬᠡᠯ ᠲᠡᠢ ᠠᠵᠢᠯ ᠦᠭᠡᠢ ᠢᠷᠭᠡᠳ ᠦᠨ ᠲᠣᠭ᠎ᠠ 25 ᠮᠢᠩ᠋ᠭ᠎ᠠ ᠣᠷᠴᠢᠮ ᠪᠠᠢᠢᠨ᠎ᠠ᠃ ᠡᠳᠡᠭᠡᠷ ᠬᠦᠮᠦᠰ ᠦᠨ ᠳᠡᠢᠢᠯᠦᠩᠬᠢ ᠨᠢ 25-34 ᠨᠠᠰᠤᠨ ᠤ ᠵᠠᠯᠠᠭᠤᠴᠤᠳ᠃ ᠭᠡᠲᠡᠯ᠎ᠡ ᠬᠥᠳᠡᠯᠮᠦᠷᠢ ᠢᠢᠨ ᠪᠢᠷᠵᠢ ᠳᠡᠭᠡᠷ᠎ᠡ 35 ᠮᠢᠩ᠋ᠭᠠᠨ ᠠᠵᠢᠯ ᠤᠨ ᠪᠠᠢᠢᠷᠢᠨ ᠤ ᠵᠠᠷ ᠭᠠᠷᠤᠭᠰᠠᠨ ᠪᠠᠢᠢᠳᠠᠭ ᠶᠤᠮ ᠪᠠᠢᠢᠨ᠎ᠠ᠃ ᠠᠵᠢᠯ ᠬᠢᠬᠦ ᠬᠦᠰᠡᠯ᠎ ᠢᠢᠡᠨ ᠢᠯᠡᠷᠬᠡᠢᠢᠯᠡᠵᠦ ᠪᠦᠷᠢᠳᠬᠡᠭᠦᠯᠦᠭᠰᠡᠨ ᠠᠵᠢᠯᠭᠦᠢᠢᠴᠦᠳ ᠦᠨ ᠲᠣᠭᠠᠨ ᠠᠴᠠ ᠠᠵᠢᠯ ᠤᠨ ᠪᠠᠢᠢᠷᠢᠨ ᠤ ᠲᠣᠭ᠎ᠠ ᠳᠠᠷᠤᠢ 10 ᠮᠢᠩ᠋ᠭ᠎ᠠ ᠪᠠᠷ ᠢᠯᠡᠭᠦᠦ ᠪᠠᠢᠢᠨ᠎ᠠ᠃

 

ᠡᠨᠳᠡ ᠭᠠᠷᠴᠤ ᠪᠠᠢᠢᠭ᠎ᠠ ᠭᠣᠣᠯ ᠪᠡᠷᠬᠡᠰᠢᠶᠡᠯ ᠨᠢ ᠮᠡᠷᠭᠡᠵᠢᠯ ᠦᠨ ᠤᠷ᠎ᠠ ᠴᠢᠳᠠᠪᠤᠷᠢ᠂ ᠬᠥᠳᠡᠯᠮᠦᠷᠢ ᠢᠢᠨ ᠡᠪ ᠳᠦᠢ ᠶᠤᠮ᠃ ᠠᠵᠢᠯ ᠣᠯᠭᠤᠭᠴᠢᠳ ᠮᠡᠷᠭᠡᠵᠢᠯ ᠲᠡᠢ ᠠᠵᠢᠯᠲᠠᠨ ᠣᠯᠳᠠᠬᠤ ᠦᠭᠡᠢ ᠪᠠᠢᠢᠭ᠎ᠠ ᠢᠢ ᠪᠠᠢᠢᠩ᠋ᠭᠤ ᠬᠡᠯᠡᠳᠡᠭ᠃ ᠮᠠᠨ ᠤ ᠪᠣᠯᠪᠠᠰᠤᠷᠠᠯ ᠤᠨ ᠲᠣᠭᠲᠠᠯᠴᠠᠭ᠎ᠠ ᠬᠥᠳᠡᠯᠮᠦᠷᠢ ᠢᠢᠨ ᠵᠠᠬ᠎ᠠ ᠵᠡᠭᠡᠯᠢ ᠢᠢᠨ ᠡᠷᠢᠯᠲᠡ᠂ ᠨᠡᠢᠢᠯᠡᠭᠦᠯᠦᠯᠲᠡ ᠢᠢᠨ ᠪᠣᠳᠣᠯᠭ᠎ᠠ᠂ ᠲᠥᠯᠦᠪᠯᠡᠯᠲᠡ ᠢᠢ ᠲᠣᠭᠠᠴᠠᠭᠠᠯᠠᠯ ᠦᠭᠡᠢ ᠪᠡᠷ ᠵᠢᠯ ᠪᠦᠷᠢ ᠠᠵᠢᠯᠭᠦᠢᠢᠴᠦᠳ ᠦᠨ ᠡᠩᠨᠡᠭᠡ ᠢᠢ ᠥᠷᠭᠡᠳᠬᠡᠭ᠍ᠰᠡᠭᠡᠷ ᠪᠠᠢᠢᠭ᠎ᠠ ᠢᠢ ᠦᠭᠡᠷᠡᠴᠢᠯᠡᠬᠦ ᠴᠠᠭ ᠪᠣᠯᠤᠭᠰᠠᠨ᠃ ᠡᠭᠦᠨ ᠦ ᠲᠤᠯᠠᠳᠠ ᠮᠡᠷᠭᠡᠵᠢᠯ ᠦᠨ ᠰᠤᠷᠭᠠᠯᠲᠠ᠂ ᠦᠢᠯᠡᠳᠪᠦᠷᠢᠯᠡᠯ ᠢ ᠪᠣᠳᠣᠯᠭ᠎ᠠ ᠪᠠᠷ ᠳᠡᠮᠵᠢᠵᠦ ᠪᠠᠢᠢᠭ᠎ᠠ ᠨᠢ ᠦᠷ᠎ᠡ ᠥᠭ᠍ᠭᠦᠭᠡᠵᠢ ᠪᠡᠨ ᠥᠭᠴᠦ ᠪᠠᠢᠢᠨ᠎ᠠ᠃ ᠮᠡᠷᠭᠡᠵᠢᠯ ᠦᠨ ᠰᠤᠷᠭᠠᠯᠲᠠ ᠦᠢᠯᠡᠳᠪᠦᠷᠢᠯᠡᠯ ᠦᠨ ᠲᠥᠪ ᠲᠥ ᠡᠷᠢᠯᠲᠡ ᠲᠡᠢ ᠮᠡᠷᠭᠡᠵᠢᠯ ᠡᠵᠡᠮᠰᠢᠭᠰᠡᠨ ᠬᠦᠮᠦᠨ᠂ ᠳᠡᠭᠡᠳᠦ ᠰᠤᠷᠭᠠᠭᠤᠯᠢ ᠢᠢ ᠬᠠᠮᠤᠭ ᠤᠨ ᠲᠦᠭᠡᠮᠡᠯ ᠮᠡᠷᠭᠡᠵᠢᠯ ᠢᠶᠡᠷ ᠲᠡᠭᠦᠰᠦᠭᠰᠡᠨ ᠬᠦᠮᠦᠨ ᠬᠣᠶᠠᠷ ᠤᠨ ᠠᠵᠢᠯ ᠳᠤ ᠣᠷᠣᠬᠤ ᠮᠠᠭᠠᠳᠯᠠᠯ 99᠄1 ᠍ ᠢᠢᠨ ᠬᠠᠷᠢᠴᠠᠭ᠎ᠠ ᠲᠠᠢ ᠪᠣᠯᠵᠠᠢ》 ᠭᠡᠳ 18 ᠨᠠᠰᠤᠲᠠᠢ ᠡ᠊ ∙ ᠠᠭᠤᠵᠢᠮᠰᠡᠳᠬᠡᠯᠳᠦ ᠢᠢᠨ ᠨᠢᠭᠡᠨ ᠠᠳᠠᠯᠢ ᠪᠠᠷ ᠡᠷᠬᠢᠯᠡᠵᠦ ᠪᠠᠢᠢᠭ᠎ᠠ ᠠᠵᠢᠯ᠂ ᠡᠵᠡᠮᠰᠢᠭᠰᠡᠨ ᠮᠡᠷᠭᠡᠵᠢᠯ ᠳᠥ ᠪᠡᠨ ᠭᠠᠷᠭᠠᠭᠤᠨ ᠪᠣᠯᠵᠤ᠂ ᠶᠡᠬᠡ ᠢᠢ ᠬᠢᠵᠦ ᠪᠦᠲᠦᠭᠡᠬᠦ ᠢᠢ ᠵᠠᠯᠠᠭᠤᠴᠤᠳ ᠲᠤ ᠪᠠᠨ ᠤᠷᠢᠶᠠᠯᠠᠯ᠎ᠠ᠃