ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠰᠢᠨ᠎ᠡ ᠣᠨ ᠤ ᠡᠬᠢᠨ ᠦ ᠡᠳᠦᠷ ᠨᠡᠢᠢᠰᠯᠡᠯ ᠦᠨ ᠥᠷᠭᠦᠭᠡ ᠠᠮᠤᠷᠵᠢᠬᠤ ᠭᠠᠵᠠᠷ ᠪᠤᠶᠤ ᠤᠤᠭᠠᠨ ᠲᠥᠷᠥᠬᠦ ᠡᠮᠨᠡᠯᠭᠡ ᠳᠥ ᠣᠴᠢᠵᠤ᠂ ᠣᠨ ᠰᠣᠯᠢᠭᠳᠠᠬᠤ ᠰᠥᠨᠢ ᠠᠮᠤᠷᠵᠢᠭᠰᠠᠨ ᠡᠬᠡᠴᠦᠳ ᠪᠣᠯᠤᠨ ᠡᠮᠨᠡᠯᠭᠡ ᠢᠢᠨ ᠠᠵᠢᠯᠴᠢᠳ ᠲᠤ ᠰᠢᠨ᠎ᠡ ᠣᠨ ᠤ ᠮᠡᠨᠳᠦ ᠳᠡᠪᠰᠢᠭᠦᠯᠦᠯ᠎ᠡ᠃
ᠨᠡᠢᠢᠰᠯᠡᠯ ᠦᠨ ᠥᠷᠭᠦᠭᠡ ᠠᠮᠤᠷᠵᠢᠬᠤ ᠭᠠᠵᠠᠷ ᠲᠤ 2019 ᠣᠨ ᠭᠠᠷᠤᠭᠰᠠᠭᠠᠷ 13 ᠡᠬᠡ ᠠᠮᠤᠷᠵᠢᠭᠰᠠᠨ ᠪᠠᠢᠢᠨ᠎ᠠ᠃ ᠬᠠᠷᠢᠨ ᠤᠯᠤᠰ ᠤᠨ ᠬᠡᠮᠵᠢᠶᠡᠨ ᠳᠥ 00᠄00 ᠴᠠᠭ ᠠᠴᠠ ᠬᠣᠢᠢᠰᠢ 75 ᠬᠡᠦᠬᠡᠳ ᠮᠡᠨᠳᠦᠯᠡᠭᠰᠡᠨ ᠦ 39 ᠨᠢ ᠬᠦᠦ᠂ 36 ᠨᠢ ᠥᠬᠢᠨ ᠪᠠᠢᠢᠵᠠᠢ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠲᠤᠰ ᠡᠮᠨᠡᠯᠭᠡ ᠳᠥ ᠠᠮᠤᠷᠵᠢᠭᠰᠠᠨ ᠡᠬᠡᠴᠦᠳ ᠲᠡᠢ ᠠᠭᠤᠯᠵᠠᠵᠤ ᠡᠷᠡᠭᠦᠯ ᠡᠩᠬᠡ᠂ ᠰᠠᠢᠢᠨ ᠰᠠᠢᠢᠬᠠᠨ ᠪᠦᠬᠦᠨ ᠢ ᠬᠦᠰᠡᠭᠡᠳ ᠡᠷᠡᠭᠦᠯ ᠮᠡᠨᠳᠦ ᠢᠢᠨ ᠰᠠᠢᠢᠳ ᠲ∙ ᠰᠠᠷᠠᠨᠭᠡᠷᠡᠯ ᠳᠥ ᠲᠥᠷᠥᠬᠦ ᠡᠮᠨᠡᠯᠭᠡ ᠢᠢᠨ ᠣᠷᠴᠢᠨ᠂ ᠲᠥᠷᠥᠬᠦ ᠣᠷᠣ ᠢᠢ ᠰᠢᠨᠡᠳᠭᠡᠬᠦ ᠠᠵᠢᠯ ᠳᠤ ᠠᠩ᠋ᠬᠠᠷᠤᠯ ᠬᠠᠨᠳᠤᠭᠤᠯᠵᠤ ᠠᠵᠢᠯᠯᠠᠬᠤ ᠢᠢ ᠬᠦᠰᠡᠭᠰᠡᠨ ᠶᠤᠮ᠃
ᠡᠨᠡ ᠦᠶ᠎ᠡ ᠪᠡᠷ ᠮᠥᠨ ᠨᠡᠢᠢᠰᠯᠡᠯ ᠦᠨ ᠥᠷᠭᠥᠭᠡ ᠠᠮᠤᠷᠵᠢᠬᠤ ᠭᠠᠵᠠᠷ ᠤᠨ ᠳᠠᠷᠤᠭ᠎ᠠ᠂ ᠠᠨᠠᠭᠠᠬᠤ ᠤᠬᠠᠭᠠᠨ ᠤ ᠳ᠋ᠣᠺᠲ᠋ᠣᠷ ᠭ ∙ ᠪᠠᠶᠠᠰᠬᠤᠯᠠᠩ᠄
《ᠨᠡᠢᠢᠰᠯᠡᠯ ᠦᠨ ᠥᠷᠭᠦᠭᠡ ᠠᠮᠤᠷᠵᠢᠬᠤ ᠭᠠᠵᠠᠷ ᠲᠤ 2018 ᠣᠨ ᠳᠤ 11800 ᠣᠷᠴᠢᠮ ᠡᠬᠡ ᠠᠮᠤᠷᠵᠢᠭᠰᠠᠨ᠃ ᠥᠩᠭᠡᠷᠡᠭᠰᠡᠨ ᠰᠥᠨᠢ 35 ᠡᠬᠡ ᠠᠮᠤᠷᠵᠢᠭᠰᠠᠨ᠃ ᠥᠷᠯᠥᠭᠡᠨ ᠦ ᠨᠠᠢᠢᠮᠠᠨ ᠴᠠᠭ ᠠᠴᠠ ᠬᠣᠢᠢᠰᠢ ᠲᠠᠪᠤᠨ ᠡᠵᠢ ᠠᠮᠤᠷᠵᠢᠵᠤ᠂ 11 ᠡᠬᠡ ᠲᠥᠷᠥᠬᠦ ᠪᠡᠷ ᠪᠡᠯᠡᠳᠬᠡᠭ᠍ᠳᠡᠵᠦ ᠪᠠᠢᠢᠨ᠎ᠠ᠃ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ 2018 ᠣᠨ ᠤ ᠵᠢᠷᠭᠤᠳᠤᠭᠠᠷ ᠰᠠᠷ᠎ᠠ ᠢᠢᠨ 1 ᠍ ᠦ ᠡᠳᠦᠷ ᠮᠠᠨ ᠤ ᠪᠠᠢᠢᠭᠤᠯᠤᠯᠭ᠎ᠠ ᠢᠢ ᠬᠥᠳᠡᠯᠮᠦᠷᠢ ᠢᠢᠨ ᠭᠠᠪᠢᠶᠠᠨ ᠤ ᠤᠯᠠᠭᠠᠨ ᠲᠤᠭ ᠤᠨ ᠣᠳᠣᠨ ᠢᠶᠠᠷ ᠱᠠᠩᠨᠠᠭᠰᠠᠨ᠃ ᠡᠨᠡ ᠦᠶ᠎ᠡ ᠪᠡᠷ ᠢᠶᠡᠨ ᠮᠠᠨ ᠤ ᠲᠥᠷᠥᠬᠦ ᠡᠮᠨᠡᠯᠭᠡ ᠳᠥ ᠬᠤᠪᠢ ᠠᠴᠠ ᠪᠠᠨ 100 ᠰᠠᠶ᠎ᠠ ᠲᠥᠭᠦᠷᠢᠭ᠌ ᠥᠭ᠍ᠬᠦ ᠪᠡᠷ ᠠᠮᠠᠯᠠᠭᠰᠠᠨ ᠪᠠᠢᠢᠭᠰᠠᠨ᠃ ᠲᠡᠷᠡ ᠠᠮᠠᠯᠠᠯᠲᠠ ᠪᠠᠨ ᠪᠡᠶᠡᠯᠡᠭᠦᠯᠵᠦ᠂ ᠥᠩᠭᠡᠷᠡᠭᠰᠡᠨ 11 ᠳᠦᠭᠡᠷ ᠰᠠᠷ᠎ᠠ ᠳᠤ ᠮᠠᠰᠢ ᠰᠠᠢᠢᠨ ᠦᠢᠯᠡ ᠠᠵᠢᠯᠯᠠᠭ᠎ᠠ᠂ ᠲᠣᠨᠣᠭᠯᠠᠯᠲᠠᠢ ᠰᠡᠭᠦᠯ ᠦᠨ ᠦᠶ᠎ᠡ ᠢᠢᠨ ᠲᠥᠷᠥᠬᠦ ᠣᠷᠣ ᠨᠤᠭᠤᠳ ᠢ ᠪᠡᠯᠡᠭᠯᠡᠭᠰᠡᠨ᠃ ᠡᠬᠡᠴᠦᠳ ᠣᠳᠣ ᠡᠨᠡ ᠣᠷᠣᠨ ᠳᠡᠭᠡᠷ᠎ᠡ ᠠᠮᠤᠷᠵᠢᠵᠤ ᠪᠠᠢᠢᠭ᠎ᠠ》 ᠭᠡᠰᠡᠨ ᠶᠤᠮ᠃
ᠮᠥᠨ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠳᠤ ᠬᠠᠨᠳᠤᠨ 《ᠮᠠᠨ ᠤ ᠡᠮᠨᠡᠯᠭᠡ ᠳᠥ ᠲᠠᠰᠤᠷᠠᠯᠲᠠ ᠦᠭᠡᠢ ᠬᠡᠦᠬᠡᠳ ᠮᠡᠨᠳᠦᠯᠡᠵᠦ ᠪᠠᠢᠢᠳᠠᠭ᠃ ᠣᠳᠣ ᠴᠤ ᠭᠡᠰᠡᠨ ᠡᠬᠡᠴᠦᠳ ᠣᠷᠢᠯᠠᠵᠤ᠂ ᠤᠬᠢᠯᠠᠭᠰᠠᠭᠠᠷ ᠪᠠᠢᠢᠨ᠎ᠠ᠃ ᠲᠥᠷᠦᠯᠲᠡ ᠭᠡᠳᠡᠭ ᠰᠠᠢᠢᠬᠠᠨ ᠶᠠᠪᠤᠴᠠ᠃ ᠲᠥᠷᠦᠭᠰᠡᠨ ᠦ ᠳᠠᠷᠠᠭ᠎ᠠ ᠡᠵᠢ ᠢᠢᠨ ᠪᠦᠬᠦ ᠡᠪᠡᠳᠦᠯᠲᠡ᠂ ᠰᠢᠨᠠᠯᠤᠭ᠎ᠠ ᠮᠠᠷᠲᠠᠭᠳᠠᠳᠠᠭ᠃ ᠰᠢᠨ᠎ᠡ ᠬᠦᠮᠦᠨ ᠮᠡᠨᠳᠦᠯᠡᠨ᠎ᠡ ᠭᠡᠳᠡᠭ ᠬᠠᠮᠤᠭ ᠤᠨ ᠠᠵᠠ ᠵᠢᠷᠭᠠᠯᠲᠠᠢ ᠮᠥᠴᠡ᠃ ᠡᠢᠢᠮᠦ ᠰᠠᠢᠢᠬᠠᠨ ᠮᠥᠴᠡ ᠢᠢ ᠬᠤᠪᠢᠶᠠᠯᠴᠠᠭᠰᠠᠨ ᠳᠤ ᠨᠡᠢᠢᠲᠡ ᠡᠮᠨᠡᠯᠭᠡ ᠢᠢᠨ ᠠᠵᠢᠯᠴᠢᠳ ᠤᠨ ᠢᠶᠠᠨ ᠡᠮᠦᠨ᠎ᠡ ᠡᠴᠡ ᠲᠠᠯᠠᠷᠬᠠᠯ ᠢᠯᠡᠷᠬᠡᠢᠢᠯᠡᠶ᠎ᠡ》 ᠭᠡᠰᠡᠨ ᠶᠤᠮ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠠᠮᠤᠷᠵᠢᠭᠰᠠᠨ ᠵᠠᠷᠢᠮ ᠡᠬᠡᠴᠦᠳ ᠲᠡᠢ ᠳᠤᠷᠠᠰᠬᠠᠯ ᠤᠨ ᠵᠢᠷᠤᠭ ᠲᠠᠲᠠᠭᠤᠯᠵᠤ᠂ ᠭᠠᠷ ᠤᠨ ᠪᠡᠯᠡᠭ ᠭᠠᠷᠳᠠᠭᠤᠯᠤᠯ᠎ᠠ᠃