XVII ᠵᠢᠷᠠᠨ ᠤ 《ᠤᠷᠪᠠᠭᠤᠯᠤᠭᠴᠢ》 ᠬᠡᠮᠡᠬᠦ ᠰᠢᠷᠠᠭᠴᠢᠨ ᠭᠠᠬᠠᠢ ᠵᠢᠯ ᠦᠨ ᠰᠠᠷ᠎ᠠ ᠰᠢᠨ᠎ᠡ ᠢᠢᠨ ᠪᠠᠶᠠᠷ ᠲᠤ ᠵᠣᠷᠢᠭᠤᠯᠤᠭᠰᠠᠨ ᠪᠥᠬᠡ ᠢᠢᠨ ᠪᠠᠷᠢᠯᠳᠤᠭᠠᠨ ᠥᠨᠥᠳᠥᠷ 《ᠪᠤᠶᠠᠨᠲᠤ-ᠬᠤᠸᠠ》 ᠰᠫᠣᠷᠲ ᠴᠣᠭᠴᠠᠯᠠᠪᠤᠷᠢ ᠳᠤ ᠪᠣᠯᠤᠯ᠎ᠠ᠃ ᠤᠯᠤᠰ᠂ ᠠᠢᠢᠮᠠᠭ ᠤᠨ ᠠᠯᠳᠠᠷ ᠴᠣᠯᠠ ᠲᠠᠢ 256 ᠪᠥᠬᠡ ᠵᠣᠳᠣᠭᠯᠠᠭᠰᠠᠨ ᠰᠠᠷ᠎ᠠ ᠰᠢᠨ᠎ᠡ ᠢᠢᠨ ᠪᠠᠷᠢᠯᠳᠤᠭᠠᠨ ᠢ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠨᠢᠭᠡ ᠢᠢᠨ ᠳᠠᠪᠠᠭᠠᠨ ᠠᠴᠠ ᠡᠬᠢᠯᠡᠨ ᠦᠵᠡᠵᠦ ᠰᠣᠨᠢᠷᠬᠠᠪᠠ᠃
ᠪᠥᠬᠡ ᠢᠢᠨ ᠪᠠᠷᠢᠯᠳᠤᠭᠠᠨ ᠤ ᠡᠬᠢᠨ ᠳᠥ ᠭᠠᠨᠳᠠᠩᠳᠡᠭᠴᠡᠩᠯᠢᠩ ᠬᠡᠢᠢᠳ ᠦᠨ ᠯᠠᠮᠠ ᠨᠠᠷ ᠪᠥᠬᠡᠴᠦᠳ᠂ ᠦᠵᠡᠭᠴᠢᠳ᠂ ᠨᠡᠢᠢᠲᠡ ᠠᠷᠠᠳ ᠲᠦᠮᠡᠨ ᠳᠥ ᠵᠣᠷᠢᠭᠤᠯᠵᠤ 《ᠥᠯᠵᠡᠢ ᠬᠤᠲᠤᠭ ᠤᠨ ᠬᠤᠷ᠎ᠠ ᠢᠢᠨ ᠪᠠᠭᠤᠯᠭᠠᠭᠴᠢ ᠶᠡᠬᠡ ᠰᠠᠩ》᠂ 《ᠳᠥᠷᠪᠡᠨ ᠠᠭᠤᠯᠠ ᠢᠢᠨ ᠰᠠᠩ》᠂ 《ᠬᠡᠢᠢᠮᠣᠷᠢ ᠢᠢᠨ ᠰᠠᠩ》 ᠲᠠᠯᠪᠢᠵᠤ᠂ 《ᠪᠠᠶᠠᠨ ᠬᠡᠰᠢᠭ᠌ ᠦᠨ ᠳᠠᠯᠠᠯᠭ᠎ᠠ》 ᠳᠠᠭᠤᠳᠠᠯ᠎ᠠ᠃ ᠮᠥᠨ ᠮᠣᠩ᠋ᠭᠣᠯ ᠤᠯᠤᠰ ᠤᠨ ᠠᠷᠠᠳ ᠤᠨ ᠵᠦᠵᠦᠭᠡᠴᠢᠨ ᠲ ∙ ᠲᠦᠪᠰᠢᠨᠵᠢᠷᠭᠠᠯ ᠲᠡᠷᠢᠭᠦᠲᠡᠢ ᠤᠷᠲᠤ ᠢᠢᠨ ᠳᠠᠭᠤᠴᠢᠳ 《ᠠᠰᠠᠷ ᠤᠨ ᠥᠨᠳᠥᠷ》 ᠳᠠᠭᠤᠤ ᠢᠢ ᠳᠠᠭᠤᠯᠠᠵᠤ᠂ ᠮᠣᠷᠢᠨ ᠬᠤᠭᠤᠷᠴᠢᠳ ᠬᠤᠭᠤᠷᠳᠠᠭᠰᠠᠨ ᠢᠶᠠᠷ ᠰᠢᠷᠠᠭᠴᠢᠨ ᠭᠠᠬᠠᠢ ᠵᠢᠯ ᠦᠨ ᠰᠠᠷ᠎ᠠ ᠰᠢᠨ᠎ᠡ ᠢᠢᠨ ᠪᠠᠶᠠᠷ ᠲᠤ ᠵᠣᠷᠢᠭᠤᠯᠤᠭᠰᠠᠨ ᠪᠥᠬᠡ ᠢᠢᠨ ᠪᠠᠷᠢᠯᠳᠤᠭᠠᠨ ᠶᠣᠰᠣᠯᠠᠯ ᠲᠡᠭᠦᠯᠳᠡᠷ ᠡᠬᠢᠯᠡᠯ᠎ᠡ᠃
ᠡᠨᠡ ᠤᠳᠠᠭ᠎ᠠ ᠢᠢᠨ ᠪᠠᠷᠢᠯᠳᠤᠭᠠᠨ ᠳᠤ ᠮᠣᠩ᠋ᠭᠣᠯ ᠤᠯᠤᠰ ᠤᠨ ᠠᠪᠤᠷᠭᠤ ᠴ ∙ ᠰᠠᠩᠵᠠᠢᠢᠳᠠᠮᠪᠠ᠂ ᠨ ∙ ᠪᠠᠲᠤᠰᠠᠭᠤᠷᠢ᠂ ᠰ ∙ ᠮᠥᠩᠬᠡᠪᠠᠲᠤ ᠨᠠᠷ ᠮᠠᠩᠯᠠᠢᠢᠯᠠᠨ ᠮᠣᠩ᠋ᠭᠣᠯ ᠤᠯᠤᠰ ᠤᠨ ᠠᠷᠰᠯᠠᠨ ᠫ ∙ ᠪᠦᠷᠢᠨᠲᠡᠭᠦᠰ᠂ ᠡ᠊ ∙ ᠣᠶᠤᠨᠪᠣᠯᠤᠳ᠂ ᠴ ∙ ᠰᠣᠳᠨᠠᠮᠳᠣᠷᠵᠢ᠂ ᠷ ∙ ᠫᠦᠷᠪᠦᠳᠠᠭᠪᠠ ᠨᠠᠷ ᠤᠨ ᠤᠯᠤᠰ᠂ ᠠᠢᠢᠮᠠᠭ ᠤᠨ ᠠᠯᠳᠠᠷ ᠴᠣᠯᠠ ᠲᠠᠢ ᠪᠥᠬᠡᠴᠦᠳ ᠵᠣᠳᠣᠭᠯᠠᠭᠰᠠᠨ ᠠᠴᠠ᠄
ᠰᠢᠪᠦᠭᠡ ᠢᠢᠨ ᠳᠥᠷᠪᠡ ᠳᠥ᠄
ᠮᠣᠩ᠋ᠭᠣᠯ ᠤᠯᠤᠰ ᠤᠨ ᠠᠪᠤᠷᠭᠤ ᠨ ∙ ᠪᠠᠲᠤᠰᠠᠭᠤᠷᠢ᠂
ᠮᠣᠩ᠋ᠭᠣᠯ ᠤᠯᠤᠰ ᠤᠨ ᠠᠪᠤᠷᠭᠤ ᠰ ∙ ᠮᠥᠩᠬᠡᠪᠠᠲᠤ᠂
ᠮᠣᠩ᠋ᠭᠣᠯ ᠤᠯᠤᠰ ᠤᠨ ᠠᠷᠰᠯᠠᠨ ᠷ ∙ ᠫᠦᠷᠪᠦᠳᠠᠭᠪᠠ᠂
ᠮᠣᠩ᠋ᠭᠣᠯ ᠤᠯᠤᠰ ᠤᠨ ᠠᠷᠰᠯᠠᠨ ᠴ ∙ ᠰᠣᠳᠨᠠᠮᠳᠣᠷᠵᠢ ᠨᠠᠷ ᠦᠯᠡᠳᠡᠵᠦ᠂
ᠠᠷᠤᠬᠠᠩ᠋ᠭᠠᠢ ᠠᠢᠢᠮᠠᠭ ᠤᠨ ᠪᠤᠯᠠᠭᠠᠨ ᠰᠤᠮᠤ ᠢᠢᠨ ᠬᠠᠷᠢᠶᠠᠲᠤ᠂ ᠤᠯᠤᠰ ᠤᠨ ᠠᠷᠰᠯᠠᠨ ᠷ ∙ ᠫᠦᠷᠪᠦᠳᠠᠭᠪᠠ ᠲᠦᠷᠦᠭᠦᠯᠡᠵᠦ᠂
ᠬᠥᠪᠰᠥᠭᠥᠯ ᠠᠢᠢᠮᠠᠭ ᠤᠨ ᠲᠣᠰᠣᠨᠴᠡᠩᠭᠡᠯ ᠰᠤᠮᠤ ᠢᠢᠨ ᠬᠠᠷᠢᠶᠠᠲᠤ᠂ ᠤᠯᠤᠰ ᠤᠨ ᠠᠷᠰᠯᠠᠨ ᠴ ∙ ᠰᠣᠳᠨᠠᠮᠳᠣᠷᠵᠢ ᠦᠵᠦᠭᠦᠷᠯᠡᠯ᠎ᠡ᠃
ᠪᠥᠬᠡ ᠢᠢᠨ ᠪᠠᠷᠢᠯᠳᠤᠭᠠᠨ ᠳᠠᠭᠤᠰᠤᠮᠠᠭᠴᠠ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠶᠡᠬᠡ ᠰᠢᠪᠦᠭᠡ ᠢᠢᠨ ᠳᠥᠷᠪᠡᠨ ᠪᠥᠬᠦᠳᠡ ᠪᠠᠳᠤᠯᠠᠮᠵᠢ᠂ ᠮᠥᠩᠭᠥᠨ ᠱᠠᠩᠨᠠᠯ ᠭᠠᠷᠳᠠᠭᠤᠯᠤᠯ᠎ᠠ᠃