XVII ᠵᠢᠷᠠᠨ ᠤ 《ᠤᠷᠪᠠᠭᠤᠯᠤᠭᠴᠢ》 ᠬᠡᠮᠡᠬᠦ ᠰᠢᠷᠠᠭᠴᠢᠨ ᠭᠠᠬᠠᠢ ᠵᠢᠯ ᠦᠨ ᠬᠠᠪᠤᠷ ᠤᠨ ᠲᠡᠷᠢᠭᠦᠨ ᠰᠠᠷ᠎ᠠ ᠢᠢᠨ ᠰᠢᠨ᠎ᠡ ᠢᠢᠨ ᠨᠢᠭᠡᠨ ᠦ ᠥᠷᠯᠥᠭᠡ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ᠂ ᠮᠣᠩ᠋ᠭᠣᠯ ᠤᠯᠤᠰ ᠤᠨ ᠶᠡᠬᠡ ᠬᠤᠷᠠᠯ ᠤᠨ ᠳᠠᠷᠤᠭ᠎ᠠ ᠭ ∙ ᠽᠠᠨᠳᠠᠨᠰᠢᠲᠠᠷ᠎ᠠ᠂ ᠮᠣᠩ᠋ᠭᠣᠯ ᠤᠯᠤᠰ ᠤᠨ ᠶᠡᠷᠦᠩᠬᠡᠢ ᠰᠠᠢᠢᠳ ᠤ᠊ ∙ ᠬᠦᠷᠦᠯᠰᠦ᠋ᠬᠡ ᠨᠠᠷ ᠲᠥᠷᠥ ᠢᠢᠨ ᠣᠷᠳᠣᠨ᠎ᠠ ᠠᠬᠠᠮᠠᠳ ᠪᠤᠭᠤᠷᠠᠯ ᠤᠳ ᠢᠶᠠᠨ ᠬᠦᠨᠳᠦᠳᠬᠡᠨ ᠠᠮᠤᠷ ᠮᠡᠨᠳᠦ ᠢᠢ ᠨᠢ ᠠᠢᠢᠯᠠᠳᠬᠠᠨ ᠵᠣᠯᠭᠠᠵᠤ᠂ ᠬᠥᠭᠦᠷᠭᠡ ᠵᠥᠷᠢᠭᠦᠯᠪᠡ᠃
ᠲᠥᠷᠥ᠂ ᠵᠠᠰᠠᠭ ᠤᠨ ᠤᠳᠤᠷᠢᠳᠤᠯᠭ᠎ᠠ ᠨᠤᠭᠤᠳ ᠤᠨ ᠬᠦᠨᠳᠦᠳᠬᠡᠯ ᠦᠵᠡᠭᠦᠯᠵᠦ ᠵᠣᠯᠭᠠᠭᠰᠠᠨ ᠠᠬᠠᠮᠠᠳ ᠤᠳ 80-98 ᠨᠠᠰᠤᠲᠠᠢ᠂ ᠮᠠᠯᠴᠢᠨ᠂ ᠦᠢᠯᠡᠴᠢᠯᠡᠭᠡᠨ ᠦ ᠠᠵᠢᠯᠲᠠᠨ᠂ ᠰᠠᠩᠬᠦᠦ᠂ ᠨᠢᠭ᠌ᠲᠠᠯᠠᠨ ᠪᠣᠳᠣᠭᠴᠢ᠂ ᠠᠷᠠᠳ ᠤᠨ ᠶᠡᠬᠡ ᠬᠤᠷᠠᠯ ᠤᠨ ᠳ᠋ᠧᠫᠦᠢᠲ᠋ᠠᠲ ᠵᠡᠷᠭᠡ ᠰᠠᠯᠪᠤᠷᠢ ᠪᠦᠷᠢ ᠢᠢᠨ ᠲᠥᠯᠥᠭᠡᠯᠡᠯ ᠦᠳ ᠪᠠᠢᠢᠯ᠎ᠠ᠃ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠠᠬᠠᠮᠠᠳ ᠤᠳ ᠲᠠᠢ ᠵᠣᠯᠭᠠᠭᠰᠠᠨ ᠤ ᠳᠠᠷᠠᠭ᠎ᠠ ᠲᠥᠷᠥ ᠢᠢᠨ ᠣᠷᠳᠣᠨ ᠤ ᠶᠢᠰᠦᠨ ᠬᠥᠯᠲᠦ᠂ ᠴᠠᠭᠠᠨ ᠲᠤᠭᠲᠤ ᠶᠣᠰᠤᠯᠠᠯ ᠬᠦᠨᠳᠦᠳᠬᠡᠯ ᠦᠨ ᠲᠠᠩᠬᠢᠮ ᠳᠤ ᠳᠤᠷᠠᠰᠬᠠᠯ ᠤᠨ ᠵᠢᠷᠤᠭ ᠲᠠᠲᠠᠭᠤᠯᠵᠤ᠂ ᠭᠠᠷ ᠤᠨ ᠪᠡᠯᠡᠭ ᠢᠶᠡᠨ ᠭᠠᠷᠳᠠᠭᠤᠯᠪᠠ᠃