ᠤᠯᠤᠰ ᠤᠨ ᠶᠡᠬᠡ ᠬᠤᠷᠠᠯ ᠤᠨ ᠡᠭᠡᠯᠵᠢᠲᠦ ᠪᠤᠰᠤ ᠴᠢᠭᠤᠯᠭᠠᠨ ᠥᠨᠥᠳᠥᠷ ᠬᠤᠷᠠᠯᠳᠤᠵᠤ 2017 ᠣᠨ ᠤ 07 ᠳ᠋ᠤᠭᠠᠷ ᠰᠠᠷ᠎ᠠ ᠶᠢᠨ 07 ᠍ ᠤ ᠡᠳᠦᠷ ᠪᠣᠯᠤᠭᠰᠠᠨ ᠮᠣᠩᠭ᠋ᠤᠯ ᠤᠯᠤᠰ ᠤᠨ ᠶᠡᠷᠦᠩᠬᠡᠢᠢᠯᠡᠭᠴᠢ ᠶᠢᠨ ᠠᠩᠬᠠᠨ ᠱᠠᠲᠤᠨ ᠤ ᠰᠣᠩᠭ᠋ᠣᠭᠤᠯᠢ ᠶᠢᠨ ᠬᠣᠶᠠᠷ ᠳ᠋ᠠᠬᠢ ᠰᠠᠨᠠᠯ ᠬᠤᠷᠢᠶᠠᠯᠲᠠ ᠳᠤ ᠰᠣᠩᠭ᠋ᠣᠭᠴᠢᠳ ᠤᠨ ᠨᠡᠷ᠎ᠡ ᠶᠢᠨ ᠵᠢᠭ᠌ᠰᠠᠭᠠᠯᠲᠠ ᠳᠤ ᠪᠦᠷᠢᠳᠬᠡᠭ᠍ᠳᠡᠭᠰᠡᠨ ᠨᠡᠢᠢᠲᠡ ᠰᠣᠩᠭ᠋ᠣᠭᠴᠢᠳ ᠤᠨ 60.67 ᠬᠤᠪᠢ ᠨᠢ ᠰᠠᠨᠠᠯ ᠢᠶᠠᠨ ᠥᠭᠴᠦ᠂ ᠨᠡᠷ᠎ᠡ ᠳᠡᠪᠰᠢᠭᠴᠢ ᠬᠠᠯᠲᠠᠮ᠎ᠠ ᠶᠢᠨ ᠪᠠᠲᠤᠲᠤᠯᠭ᠎ᠠ 50.61 ᠬᠤᠪᠢ ᠪᠤᠶᠤ ᠣᠯᠠᠩᠬᠢ ᠶᠢᠨ ᠰᠠᠨᠠᠯ ᠠᠪᠤᠭᠰᠠᠨ ᠲᠤᠯᠠ ᠮᠣᠩᠭ᠋ᠤᠯ ᠤᠯᠤᠰ ᠤᠨ ᠶᠡᠷᠦᠩᠬᠡᠢᠢᠯᠡᠭᠴᠢ ᠪᠡᠷ ᠰᠣᠩᠭ᠋ᠣᠭᠳᠠᠭᠰᠠᠨ ᠭᠡᠵᠦ ᠦᠵᠡᠵᠦ ᠪᠦᠷᠢᠨ ᠡᠷᠬᠡ ᠶᠢ ᠨᠢ ᠬᠦᠯᠢᠶᠡᠨ ᠵᠦᠪᠰᠢᠶᠡᠷᠡᠬᠦ ᠲᠤᠬᠠᠢ ᠬᠠᠤᠯᠢ ᠶᠢᠨ ᠲᠥᠰᠥᠯ ᠢ ᠪᠠᠢᠢᠩᠭ᠋ᠤ ᠶᠢᠨ ᠬᠣᠷᠢᠶᠠᠨ ᠤ ᠬᠤᠷᠠᠯ ᠳᠤ ᠣᠷᠣᠯᠴᠠᠭᠰᠠᠨ ᠭᠡᠰᠢᠭᠦᠳ ᠦᠨ ᠳᠡᠢᠢᠯᠦᠩᠬᠢ ᠣᠯᠠᠩᠬᠢ ᠨᠢ ᠳᠡᠮᠵᠢᠯ᠎ᠡ᠃
ᠰᠣᠩᠭ᠋ᠣᠭᠤᠯᠢ ᠶᠢᠨ ᠶᠡᠷᠦᠩᠬᠡᠢ ᠬᠣᠷᠢᠶᠠᠨ ᠤ ᠢᠯᠡᠳᠬᠡᠯ ᠪᠣᠯᠤᠨ ᠪᠠᠦᠢᠩᠭ᠋ᠤ ᠶᠢᠨ ᠬᠣᠷᠢᠶᠠᠨ ᠤ ᠰᠠᠨᠠᠯ᠂ ᠳ᠋ᠦᠩᠨᠡᠯᠲᠡ ᠲᠡᠢ ᠲᠠᠨᠢᠯᠴᠠᠭᠠᠳ ᠬᠠᠯᠲᠠᠮ᠎ᠠ ᠶᠢᠨ ᠪᠠᠲᠤᠲᠤᠯᠭ᠎ᠠ ᠶᠢ ᠮᠣᠩᠭ᠋ᠤᠯ ᠤᠯᠤᠰ ᠤᠨ ᠶᠡᠷᠦᠩᠬᠡᠢᠢᠯᠡᠭᠴᠢ ᠪᠡᠷ ᠰᠣᠩᠭ᠋ᠣᠭᠳᠠᠭᠰᠠᠨ ᠭᠡᠵᠦ ᠦᠵᠡᠵᠦ ᠪᠦᠷᠢᠨ ᠡᠷᠬᠡ ᠶᠢ ᠨᠢ ᠬᠦᠯᠢᠶᠡᠨ ᠵᠦᠪᠰᠢᠶᠡᠷᠡᠬᠦ ᠲᠤᠬᠠᠢ ᠬᠠᠤᠯᠢ ᠶᠢᠨ ᠲᠥᠰᠥᠯ ᠢ ᠬᠤᠷᠠᠯᠳᠤᠭᠠᠨ ᠳᠤ ᠣᠷᠣᠯᠴᠠᠭᠰᠠᠨ ᠭᠡᠰᠢᠭᠦᠳ ᠦᠨ 96.5 ᠬᠤᠪᠢ ᠨᠢ ᠳᠡᠮᠵᠢᠨ᠂ ᠪᠠᠲᠤᠯᠠᠪᠠ᠃
ᠮᠣᠩᠭ᠋ᠤᠯ ᠤᠯᠤᠰ ᠤᠨ ᠶᠡᠷᠦᠩᠬᠡᠢᠢᠯᠡᠭᠴᠢ ᠶᠢᠨ ᠲᠠᠩᠭ᠋ᠠᠷᠢᠭ ᠡᠷᠭᠦᠬᠦ ᠡᠳᠦᠷ᠂ ᠴᠠᠭ ᠢ 2017 ᠣᠨ ᠤ 07 ᠳ᠋ᠤᠭᠠᠷ ᠰᠠᠷ᠎ᠠ ᠶᠢᠨ 10 ᠍ ᠤ ᠡᠳᠦᠷ ᠪᠠᠢᠢᠬᠤ ᠪᠠᠷ ᠲᠣᠭᠲᠠᠭᠠᠯ᠎ᠠ᠃