ᠮᠣᠩ᠋ᠭᠣᠯ ᠤᠯᠤᠰ ᠤᠨ ᠬᠥᠳᠡᠯᠮᠦᠷᠢ ᠢᠢᠨ ᠪᠠᠭᠠᠲᠤᠷ᠂ ᠲᠥᠲᠦ ᠢᠢᠨ ᠱᠠᠩᠨᠡᠯᠳᠤ᠂ ᠠᠷᠠᠳ ᠤᠨ ᠤᠷᠠᠨ ᠵᠣᠬᠢᠶᠠᠯᠴᠢ ᠳᠡᠩᠳᠡᠪ ᠦᠨ ᠫᠦᠷᠪᠦᠳᠣᠷᠵᠢ ᠢᠢᠨ 《ᠲᠤᠰᠠᠭᠠᠷ ᠲᠣᠭᠲᠠᠨᠢᠯ》 ᠰᠢᠯᠦᠭ ᠢ ᠵᠢᠯ ᠪᠦᠷᠢ ᠢᠢᠨ ᠳᠥᠷᠪᠡᠳᠦᠭᠡᠷ ᠰᠠᠷ᠎ᠠ ᠢᠢᠨ ᠡᠬᠢᠨ ᠦ ᠳᠣᠯᠣᠭ᠎ᠠ ᠬᠣᠨᠣᠭ ᠲᠤ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠢᠢᠨ ᠰᠤᠷᠤᠭᠴᠢᠳ ᠤᠩᠰᠢᠳᠠᠭ ᠤᠯᠠᠮᠵᠢᠯᠠᠯ ᠲᠣᠭᠲᠠᠭᠰᠠᠨ ᠨᠢ ᠥᠨᠥᠳᠥᠷ ᠪᠣᠯᠵᠤ ᠥᠨᠳᠥᠷᠯᠡᠯ᠎ᠡ᠃
ᠰᠤᠷᠤᠭᠴᠢᠳ ᠲᠤ ᠡᠬᠡ ᠣᠷᠣᠨᠴᠢ ᠰᠡᠳᠬᠢᠯ᠂ ᠲᠤᠰᠠᠭᠠᠷ ᠲᠣᠭᠲᠠᠨᠢᠯ ᠤᠨ ᠤᠬᠠᠭᠳᠠᠬᠤᠨ ᠢ ᠰᠢᠯᠦᠭ ᠢᠶᠡᠷ ᠳᠠᠮᠵᠢᠭᠤᠯᠤᠨ ᠢᠯᠡᠷᠬᠡᠢᠢᠯᠡᠵᠦ᠂ ᠵᠢᠯ ᠪᠦᠷᠢ ᠡᠨᠡ ᠬᠦ ᠰᠢᠯᠦᠭ ᠢ ᠤᠩᠰᠢᠬᠤ ᠨᠢ ᠢᠷᠠᠭᠤ ᠨᠠᠢᠢᠷᠠᠭᠴᠢ ᠳᠡᠩᠳᠡᠪ ᠦᠨ ᠫᠦᠷᠪᠦᠳᠣᠷᠵᠢ ᠢᠢᠨ 《ᠲᠤᠰᠠᠭᠠᠷ ᠲᠣᠭᠲᠠᠨᠢᠯ》 ᠰᠢᠯᠦᠭ ᠢ ᠦᠨᠳᠦᠰᠦᠨ ᠦ ᠪᠠᠬᠠᠷᠬᠠᠯᠳᠤ ᠰᠢᠯᠦᠭ ᠪᠣᠯᠭᠠᠬᠤ ᠵᠣᠷᠢᠯᠭ᠎ᠠ ᠲᠠᠢ ᠶᠤᠮ᠃
ᠥᠩᠭᠡᠷᠡᠭᠰᠡᠨ ᠵᠢᠯ ᠡᠨᠡ ᠬᠦ ᠰᠢᠯᠦᠭ ᠢ ᠨᠡᠢᠢᠰᠯᠡᠯ ᠦᠨ ᠪᠠᠶᠠᠩ᠋ᠭᠣᠣᠯ ᠳᠡᠭᠦᠷᠭᠡ ᠢᠢᠨ 《ᠣᠶᠤᠨ ᠤ ᠤᠨᠳᠤᠷᠤᠭ᠎ᠠ》 ᠴᠣᠭᠴᠠᠯᠠᠪᠤᠷᠢ ᠰᠤᠷᠭᠠᠭᠤᠯᠢ ᠢᠢᠨ ᠪᠠᠭᠰᠢ᠂ ᠠᠵᠢᠯᠴᠢᠳ ᠤᠨ ᠰᠠᠨᠠᠭᠠᠴᠢᠯᠠᠭ᠎ᠠ ᠪᠠᠷ 3333 ᠰᠤᠷᠤᠭᠴᠢ ᠠᠩᠬ᠎ᠠ ᠤᠳᠠᠭ᠎ᠠ ᠤᠩᠰᠢᠭᠰᠠᠨ ᠪᠣᠯ ᠡᠨᠡ ᠵᠢᠯ ᠪᠠᠶᠠᠨᠵᠢᠷᠦᠬᠡ ᠳᠡᠭᠦᠷᠭᠡ ᠢᠢᠨ 92 ᠍ ᠳᠦᠭᠠᠷ ᠰᠤᠷᠭᠠᠭᠤᠯᠢ ᠢᠢᠨ 2222 ᠰᠤᠷᠤᠭᠴᠢ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠢᠢᠨ ᠬᠠᠮᠲᠤ ᠪᠠᠷ ᠰᠦᠬᠡᠪᠠᠭᠠᠲᠤᠷ ᠤᠨ ᠲᠠᠯᠠᠪᠠᠢ ᠳᠤ ᠤᠩᠰᠢᠯ᠎ᠠ᠃
ᠰᠢᠯᠦᠭ ᠢ ᠤᠩᠰᠢᠬᠤ ᠳᠤ ᠪᠠᠨ ᠰᠤᠷᠤᠭᠴᠢᠳ ᠮᠣᠩ᠋ᠭᠣᠯ ᠤᠯᠤᠰ ᠤᠨ ᠠᠯᠲᠠᠨ ᠰᠣᠶᠣᠮᠪᠣᠳᠤ ᠲᠥᠷᠥ ᠢᠢᠨ ᠳᠠᠯᠪᠠᠭᠠᠨ ᠤ ᠬᠡᠯᠪᠡᠷᠢ ᠢᠢ ᠭᠠᠷᠭᠠᠵᠤ ᠵᠣᠭᠰᠣᠭᠰᠠᠨ ᠶᠤᠮ᠃
ᠰᠢᠯᠦᠭ ᠤᠩᠰᠢᠭ᠌ᠰᠡᠠ ᠤ ᠳᠠᠷᠠᠭ᠎ᠠ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠄
《ᠰᠠᠢᠢᠨ ᠪᠠᠢᠢᠵᠠᠭᠠᠨ᠎ᠠ ᠤᠤ? ᠬᠡᠦᠬᠡᠳ ᠪᠠᠭᠠᠴᠤᠳ᠂ ᠬᠦᠨᠳᠦᠳ ᠰᠤᠷᠤᠭᠴᠢᠳ ᠠ᠋᠂
ᠥᠩᠭᠡᠷᠡᠭᠰᠡᠨ ᠵᠢᠯ ᠨᠡᠢᠢᠰᠯᠡᠯ ᠦᠨ ᠪᠠᠶᠠᠩ᠋ᠭᠤᠤᠯ ᠳᠡᠭᠦᠷᠭᠡ ᠢᠢᠨ 《ᠣᠶᠤᠨ ᠤ ᠤᠨᠳᠤᠷᠤᠭ᠎ᠠ》 ᠴᠣᠭᠴᠠᠯᠠᠪᠤᠷᠢ ᠰᠤᠷᠭᠠᠭᠤᠯᠢ ᠢᠢᠨ 3333 ᠰᠤᠷᠤᠭᠴᠢ ᠮᠣᠩ᠋ᠭᠣᠯ ᠤᠯᠤᠰ ᠤᠨ ᠬᠥᠳᠡᠯᠮᠦᠷᠢ ᠢᠢᠨ ᠪᠠᠭᠠᠲᠤᠷ᠂ ᠲᠥᠷᠥ ᠢᠢᠨ ᠱᠠᠩᠨᠠᠯᠲᠤ᠂ ᠠᠷᠠᠳ ᠤᠨ ᠤᠷᠠᠨ ᠵᠣᠬᠢᠶᠠᠯᠴᠢ ᠳᠡᠩᠳᠡᠪ ᠦᠨ ᠫᠦᠷᠪᠦᠳᠣᠷᠵᠢ ᠢᠢᠨ 《ᠲᠤᠰᠠᠭᠠᠷ ᠲᠣᠭᠲᠠᠨᠢᠯ》 ᠰᠢᠯᠦᠭ ᠢ ᠶᠡᠬᠡ ᠡᠵᠡᠨ ᠴᠢᠩᠭᠢᠰ ᠬᠠᠭᠠᠨ ᠤ ᠬᠥᠰᠢᠶᠡᠨ ᠦ ᠡᠮᠦᠨ᠎ᠡ᠂ ᠵᠠᠩᠵᠤᠨ ᠲ ∙ ᠰᠦᠬᠡᠪᠠᠭᠠᠲᠤᠷ ᠤᠨ ᠲᠠᠯᠠᠪᠠᠢ ᠳᠤ ᠠᠩᠬ᠎ᠠ ᠤᠩᠰᠢᠵᠤ᠂ ᠮᠢᠨᠦ ᠪᠡᠶ᠎ᠡ ᠤᠭ ᠦᠢᠯᠡ ᠠᠵᠢᠯᠯᠠᠭᠠᠨ ᠳᠤ ᠬᠠᠮᠲᠤᠷᠠᠨ ᠣᠷᠣᠯᠴᠠᠭᠰᠠᠨ ᠶᠤᠮ᠃
ᠲᠤᠰᠠᠭᠠᠷ ᠲᠣᠭᠲᠠᠨᠢᠯ ᠬᠡᠮᠡᠬᠦ ᠭᠦᠨ ᠤᠳᠬ᠎ᠠ᠂ ᠥᠷᠭᠡᠨ ᠠᠭᠤᠯᠭ᠎ᠠ ᠲᠠᠢ ᠦᠭᠡ᠃ ᠲᠠ ᠪᠢᠳᠡᠨ ᠦ ᠣᠯᠠᠨ ᠮᠢᠩ᠋ᠭᠠᠨ ᠵᠢᠯ ᠦᠨ ᠲᠡᠦᠬᠡ᠂ ᠰᠤᠶᠤᠯ ᠤᠯᠠᠮᠵᠢᠯᠠᠯ᠂ ᠢᠵᠠᠭᠤᠷ ᠰᠡᠳᠬᠢᠯᠭᠡ᠂ ᠭᠠᠵᠠᠷ ᠨᠤᠲᠤᠭ᠂ ᠬᠢᠯᠢ ᠬᠢᠵᠠᠭᠠᠷ᠂ ᠪᠠᠭᠠᠲᠤᠷᠯᠢᠭ ᠲᠡᠮᠡᠴᠡᠯ᠂ ᠣᠯᠤᠯᠲᠠ ᠠᠮᠵᠢᠯᠲᠠ᠂ ᠠᠯᠳᠠᠭ᠎ᠠ ᠣᠨᠣᠭ᠎ᠠ ᠢᠢ ᠰᠢᠩᠭᠡᠭᠡᠵᠦ ᠪᠠᠢᠢᠳᠠᠭ᠃ ᠲᠤᠰᠠᠭᠠᠷ ᠲᠣᠭᠲᠠᠨᠢᠯ ᠬᠡᠮᠡᠬᠦ ᠡᠨᠡ ᠦᠭᠡᠨ ᠳᠥ ᠡᠬᠡ ᠣᠷᠣᠨᠴᠢ ᠡᠪᠦᠭᠡᠳ ᠳᠡᠭᠡᠳᠦᠰ ᠦᠨ ᠬᠠᠯᠠᠭᠤᠨ ᠠᠮᠢ᠂ ᠴᠢᠩ ᠰᠡᠳᠬᠢᠯ᠂ ᠬᠦᠰᠡᠯ ᠲᠡᠮᠡᠦᠯᠡᠯ ᠰᠢᠩᠭᠡᠵᠦ᠂ ᠪᠢᠳᠡᠨ ᠦ ᠮᠣᠩ᠋ᠭᠣᠯ ᠤᠨ ᠥᠩᠭᠡᠷᠡᠭᠰᠡᠨ᠂ ᠣᠳᠣ᠂ ᠢᠷᠡᠭᠡᠳᠦᠢ ᠪᠦᠲᠦᠨ ᠢᠶᠡᠷ ᠢᠶᠡᠨ ᠪᠠᠭᠲᠠᠭᠰᠠᠨ ᠪᠠᠢᠢᠳᠠᠭ᠃
ᠲᠤᠰᠠᠭᠠᠷ ᠲᠣᠭᠲᠠᠨᠢᠯ ᠪᠣᠯ ᠬᠦᠰᠡᠭᠰᠡᠨ ᠦᠨᠳᠦᠰᠦᠲᠡᠨ ᠪᠦᠷᠢ ᠳᠥ ᠣᠯᠳᠠᠳᠠᠭ ᠦᠭᠡᠢ ᠡᠷᠬᠢᠮ ᠨᠠᠨᠳᠢᠨ ᠪᠣᠯᠤᠮᠵᠢ ᠪᠢᠯᠡ᠃ ᠬᠡᠳᠦᠨ ᠠᠷᠪᠠᠨ ᠰᠠᠶ᠎ᠠ ᠪᠠᠷ ᠲᠣᠭᠠᠯᠠᠭᠳᠠᠬᠤ ᠬᠦᠮᠦᠨ ᠲᠡᠢ ᠦᠨᠳᠦᠰᠦᠲᠡᠨ ᠬᠡᠳᠦᠨ ᠵᠠᠭᠤᠨ ᠵᠢᠯ ᠦᠨ ᠲᠤᠷᠰᠢ ᠲᠡᠮᠡᠴᠡᠭᠡᠳ ᠲᠤᠰᠠᠭᠠᠷ ᠲᠣᠭᠲᠠᠨᠢᠵᠤ ᠴᠢᠳᠠᠭ᠎ᠠ ᠦᠭᠡᠢ ᠪᠠᠢᠢᠭ᠎ᠠ ᠵᠢᠱᠢᠶ᠎ᠡ ᠴᠤ ᠪᠤᠢ ᠶᠤᠮ ᠰᠢᠦ᠃ ᠭᠤᠷᠪᠠᠬᠠᠨ ᠰᠠᠶ᠎ᠠ ᠪᠠᠷ ᠲᠣᠭᠠᠯᠠᠭᠳᠠᠬᠤ ᠢᠷᠭᠡᠳ ᠲᠡᠢ ᠴᠤ ᠳᠡᠯᠡᠬᠡᠢ ᠢᠢᠨ ᠬᠣᠶᠠᠷ ᠲᠣᠮᠣ ᠭᠦᠷᠦᠨ ᠦ ᠳᠤᠮᠳᠠ ᠲᠤᠭᠤᠷᠭ᠎ᠠ ᠲᠤᠰᠠᠭᠠᠷ᠂ ᠡᠷᠬᠡ ᠴᠢᠯᠦᠭᠡ ᠲᠡᠢ ᠣᠷᠣᠰᠢᠨ ᠲᠣᠭᠲᠠᠨᠢᠵᠤ ᠪᠠᠢᠢᠭ᠎ᠠ ᠮᠣᠩ᠋ᠭᠣᠯ ᠤᠯᠤᠰ ᠢᠶᠠᠷ ᠢᠶᠠᠨ ᠪᠢᠳᠡ ᠪᠠᠬᠠᠷᠬᠠᠬᠤ ᠶᠣᠰᠣᠲᠠᠢ᠃
ᠥᠨᠥ ᠵᠢᠯ ᠪᠠᠶᠠᠨᠵᠢᠷᠦᠬᠡ ᠳᠡᠭᠦᠷᠭᠡ ᠢᠢᠨ ᠶᠡᠷᠦᠩᠬᠡᠢ ᠪᠣᠯᠪᠠᠰᠤᠷᠠᠯ ᠤᠨ 92 ᠳ᠋ᠤᠭᠠᠷ ᠰᠤᠷᠭᠠᠭᠤᠯᠢ ᠡᠨᠡ ᠬᠦ ᠠᠷᠭ᠎ᠠ ᠬᠡᠮᠵᠢᠶ᠎ᠡ ᠢᠢ ᠤᠯᠠᠮᠵᠢᠯᠠᠨ ᠠᠪᠴᠤ᠂ ᠲᠤᠰ ᠰᠤᠷᠭᠠᠭᠤᠯᠢ ᠢᠢᠨ 2222 ᠰᠤᠷᠤᠭᠴᠢ ᠢᠢᠨ ᠬᠠᠮᠲᠤ ᠮᠣᠩ᠋ᠭᠣᠯ ᠤᠨ ᠡᠷᠬᠡ ᠴᠢᠯᠦᠭᠡ᠂ ᠲᠤᠰᠠᠭᠠᠷ ᠲᠣᠭᠲᠠᠨᠢᠯ ᠢ ᠡᠷᠭᠦᠨ ᠳᠠᠭᠤᠯᠠᠭᠰᠠᠨ 《ᠲᠤᠰᠠᠭᠠᠷ ᠲᠣᠭᠲᠠᠨᠢᠯ》 ᠰᠢᠯᠦᠭ ᠢ ᠤᠩᠰᠢᠯ᠎ᠠ᠃ ᠬᠡᠦᠬᠡᠳ ᠪᠠᠭᠠᠴᠤᠳ ᠲᠤ ᠡᠬᠡ ᠣᠷᠣᠨᠴᠢ᠂ ᠦᠨᠳᠦᠰᠦᠨ ᠦ ᠦᠵᠡᠯ ᠢ ᠲᠥᠯᠦᠪᠰᠢᠭᠦᠯᠬᠦ ᠳᠥ ᠥᠨᠥᠳᠥᠷ ᠦᠨ ᠠᠷᠭ᠎ᠠ ᠬᠡᠮᠵᠢᠶ᠎ᠡ ᠴᠢᠬᠤᠯᠠ ᠠᠴᠢ ᠬᠣᠯᠪᠣᠭᠳᠠᠯ ᠲᠠᠢ ᠪᠣᠯᠤᠯ᠎ᠠ᠃ ᠤᠯᠠᠮᠵᠢᠯᠠᠯᠲᠤ ᠠᠵᠢᠯᠯᠠᠭᠠᠨ ᠳᠤ ᠴᠠᠭ ᠵᠠᠪ᠂ ᠰᠡᠳᠬᠢᠯ ᠵᠢᠷᠦᠬᠡ ᠪᠡᠨ ᠵᠣᠷᠢᠭᠤᠯᠤᠨ ᠢᠷᠡᠭᠰᠡᠨ ᠪᠦᠭᠦᠳᠡ ᠳᠥ ᠪᠠᠶᠠᠷᠯᠠᠯ᠎ᠠ᠃
ᠪᠠᠶᠠᠷ ᠬᠦᠷᠭᠡᠶ᠎ᠡ᠃
ᠮᠥᠩᠬᠡ ᠲᠩᠷᠢ ᠮᠣᠩ᠋ᠭᠣᠯ ᠤᠯᠤᠰ ᠢ ᠢᠪᠡᠭᠡᠵᠦ᠂ ᠲᠤᠰᠠᠭᠠᠷ ᠲᠣᠭᠲᠠᠨᠢᠯ ᠪᠠᠲᠤ ᠤᠷᠤᠰᠢᠬᠤ ᠪᠣᠯᠲᠤᠭᠠᠢ.》 ᠭᠡᠯᠡ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠦᠭᠡ ᠬᠡᠯᠡᠭᠰᠡᠨ ᠦ ᠪᠡᠨ ᠳᠠᠷᠠᠭ᠎ᠠ ᠰᠢᠯᠵᠢᠨ ᠶᠠᠪᠤᠬᠤ ᠴᠣᠮᠣ ᠢᠢ ᠨᠡᠢᠢᠰᠯᠡᠯ ᠦᠨ ᠰᠣᠩᠭᠢᠨᠠᠠᠬᠠᠢᠢᠷᠬᠠᠨ ᠳᠡᠭᠦᠷᠭᠡ ᠢᠢᠨ 122 ᠍ ᠳᠦᠭᠠᠷ ᠰᠤᠷᠭᠠᠭᠤᠯᠢ ᠢᠢᠨ ᠬᠠᠮᠲᠤ ᠣᠯᠠᠨ ᠳᠤ ᠭᠠᠷᠳᠠᠭᠤᠯᠵᠤ ᠥᠭ᠍ᠪᠡ᠃