ᠳᠡᠯᠡᠬᠡᠢ ᠢᠢᠨ ᠪᠠᠩᠬᠢᠨ ᠤ ᠬᠢᠲᠠᠳ᠂ ᠮᠣᠩ᠋ᠭᠣᠯ᠂ ᠰᠣᠯᠣᠩ᠋ᠭᠣᠰ ᠤᠯᠤᠰ ᠤᠳ ᠢ ᠬᠠᠷᠢᠭᠤᠴᠠᠭᠰᠠᠨ ᠵᠠᠬᠢᠷᠤᠯ ᠮᠠᠷᠲ᠋ᠢᠨ ᠷᠧᠢᠽᠧᠷ᠂ ᠮᠣᠩ᠋ᠭᠣᠯ ᠳ᠋ᠠᠬᠢ ᠰᠠᠭᠤᠷᠢᠨ ᠲᠥᠯᠦᠭᠡᠯᠡᠭᠴᠢ ᠠᠨ᠋ᠳ᠋ᠷᠧᠢ ᠮᠢᠾᠨᠧᠸ ᠪᠣᠯᠤᠨ ᠲᠤᠰ ᠪᠠᠩᠬᠢᠨ ᠤ ᠮᠣᠩ᠋ᠭᠣᠯ ᠳ᠋ᠠᠬᠢ ᠵᠠᠷᠢᠮ ᠤᠳᠤᠷᠢᠳᠤᠯᠭ᠎ᠠ ᠨᠤᠭᠤᠳ ᠢ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠥᠨᠥᠳᠥᠷ ᠬᠦᠯᠢᠶᠡᠨ ᠠᠪᠴᠤ ᠠᠭᠤᠯᠵᠠᠯ᠎ᠠ᠃
ᠨᠣᠶᠠᠨ ᠮᠠᠷᠲ᠋ᠢᠨ ᠷᠧᠢᠽᠧᠷ ᠳᠡᠯᠡᠬᠡᠢ ᠢᠢᠨ ᠪᠠᠩᠬᠢ ᠭᠡᠰᠢᠭᠦᠨ ᠤᠯᠤᠰ ᠤᠳ ᠢᠶᠠᠨ ᠶᠠᠳᠠᠭᠤᠷᠠᠯ ᠠᠴᠠ ᠭᠠᠷᠭᠠᠬᠤ ᠦᠨᠳᠦᠰᠦᠨ ᠵᠣᠷᠢᠯᠭ᠎ᠠ ᠲᠠᠢ᠂ ᠮᠣᠩ᠋ᠭᠣᠯ ᠤᠯᠤᠰ ᠤᠨ ᠶᠠᠳᠠᠭᠤᠷᠠᠯ ᠢ ᠪᠠᠭᠤᠷᠠᠭᠤᠯᠬᠤ ᠳᠤ ᠳᠡᠯᠡᠬᠡᠢ ᠢᠢᠨ ᠪᠠᠩᠬᠢ ᠲᠣᠳᠣᠷᠬᠠᠢ ᠬᠡᠮᠵᠢᠶᠡᠨ ᠳᠥ ᠠᠮᠵᠢᠯᠲᠠ ᠭᠠᠷᠭᠠᠨ ᠠᠵᠢᠯᠯᠠᠵᠤ ᠪᠠᠢᠢᠭ᠎ᠠ ᠲᠠᠯ᠎ᠠ ᠪᠠᠷ ᠳᠤᠷᠠᠳᠤᠭᠠᠳ ᠥᠨᠥ ᠢᠢ ᠬᠢᠷᠢ ᠵᠠᠷᠢᠮ ᠰᠣᠷᠢᠯᠲᠠ ᠨᠤᠭᠤᠳ ᠮᠣᠩ᠋ᠭᠣᠯ ᠤᠯᠤᠰ ᠤᠨ ᠡᠮᠦᠨ᠎ᠡ ᠲᠤᠯᠭᠠᠷᠠᠵᠤ ᠪᠠᠢᠢᠭ᠎ᠠ ᠵᠡᠷᠭᠡ ᠪᠡᠷ ᠰᠠᠨᠠᠯ ᠪᠣᠳᠣᠯ ᠢᠶᠠᠨ ᠢᠯᠡᠷᠬᠡᠢᠢᠯᠡᠯ᠎ᠡ᠃
ᠮᠣᠩ᠋ᠭᠣᠯ ᠤᠯᠤᠰ ᠤᠨ ᠶᠠᠳᠠᠭᠤᠷᠠᠯ ᠤᠨ ᠲᠦᠪᠰᠢᠨ 30 ᠣᠷᠴᠢᠮ ᠬᠤᠪᠢ /29.6 ᠬᠤᠪᠢ ᠪᠤᠶᠤ ᠨᠡᠢᠢᠲᠡ ᠬᠦᠮᠦᠨ ᠠᠮᠠ ᠢᠢᠨ 907.5 ᠮᠢᠩ᠋ᠭ᠎ᠠ/ ᠪᠠᠢᠢᠭ᠎ᠠ ᠨᠢ ᠶᠠᠳᠠᠭᠤᠷᠠᠯ ᠤᠨ ᠲᠦᠪᠰᠢᠨ ᠥᠨᠳᠦᠷ ᠪᠠᠢᠢᠭ᠎ᠠ ᠢᠢ ᠢᠯᠡᠳᠬᠡᠵᠦ ᠪᠤᠢ ᠢᠢ ᠮᠣᠩ᠋ᠭᠣᠯ ᠤᠯᠤᠰ ᠤᠨ ᠶᠡᠷᠦᠩᠬᠡᠢᠢᠯᠡᠭᠴᠢ ᠠᠩᠬᠠᠷᠬᠤ ᠢᠢ ᠬᠦᠰᠡᠭᠡᠳ ᠴᠢᠨᠠᠭᠰᠢᠳᠠ ᠶᠠᠳᠠᠭᠤᠷᠠᠯ ᠢ ᠪᠠᠭᠤᠷᠠᠭᠤᠯᠬᠤ ᠳᠤ ᠡᠳ᠋ ᠍ ᠦᠨ ᠵᠠᠰᠠᠭ ᠢ ᠰᠣᠯᠣᠩ᠋ᠭᠠᠷᠠᠭᠤᠯᠬᠤ ᠱᠠᠭᠠᠷᠳᠠᠯᠭ᠎ᠠ ᠲᠠᠢ ᠲᠠᠯ᠎ᠠ ᠪᠠᠷ ᠨᠣᠶᠠᠨ ᠮᠠᠷᠲ᠋ᠢᠨ ᠷᠧᠢᠽᠧᠷ ᠲᠡᠢ ᠰᠠᠨᠠᠯ ᠪᠣᠳᠣᠯ ᠢᠶᠠᠨ ᠰᠣᠯᠢᠯᠴᠠᠯ᠎ᠠ᠃
ᠲᠤᠬᠠᠢᠢᠯᠠᠪᠠᠯ᠂ ᠬᠥᠳᠡᠭᠡ ᠠᠵᠤ ᠠᠬᠤᠢ ᠢᠢᠨ ᠰᠠᠯᠪᠤᠷᠢ ᠳ᠋ᠠᠬᠢ ᠠᠷᠠᠰᠤ᠂ ᠰᠢᠷᠢ ᠵᠡᠷᠭᠡ ᠲᠦᠭᠦᠬᠡᠢ ᠡᠳ᠋ ᠍ ᠢ ᠪᠣᠯᠪᠠᠰᠤᠷᠠᠭᠤᠯᠬᠤ᠂ ᠡᠴᠦᠰ ᠦᠨ ᠪᠦᠲᠦᠭᠡᠭ᠍ᠳᠡᠬᠦᠨ ᠪᠣᠯᠭᠠᠬᠤ ᠲᠥᠰᠦᠯ ᠬᠥᠲᠦᠯᠪᠦᠷᠢ ᠢᠢ ᠳᠡᠯᠭᠡᠷᠡᠩᠭᠦᠢ ᠲᠠᠨᠢᠯᠴᠠᠭᠤᠯᠵᠤ᠂ ᠲᠥᠰᠦᠯ ᠦᠳ ᠢ ᠠᠮᠵᠢᠯᠲᠠ ᠲᠠᠢ ᠬᠡᠷᠡᠭᠵᠢᠭᠦᠯᠦᠭᠰᠡᠨ ᠢᠶᠡᠷ ᠡᠨᠡ ᠰᠠᠯᠪᠤᠷᠢ ᠢᠢᠨ 170 ᠮᠢᠩ᠋ᠭ᠎ᠠ ᠭᠠᠷᠤᠢ ᠡᠷᠦᠬᠡ ᠢᠢᠨ ᠣᠷᠣᠯᠭ᠎ᠠ ᠪᠣᠳᠠᠲᠤ ᠪᠠᠷ ᠨᠡᠮᠡᠭᠳᠡᠬᠦ ᠪᠣᠯᠤᠮᠵᠢ ᠢᠢᠨ ᠲᠠᠯ᠎ᠠ ᠪᠠᠷ ᠶᠠᠷᠢᠯᠴᠠᠪᠠ᠃
ᠠᠭᠤᠯᠵᠠᠯᠲᠠ ᠢᠢᠨ ᠲᠡᠭᠦᠰᠬᠡᠯ ᠳᠥ ᠨᠣᠶᠠᠨ ᠮᠠᠷᠲ᠋ᠢᠨ ᠷᠧᠢᠽᠧᠷ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠳᠤ ᠬᠠᠨᠳᠤᠨ ᠲᠣᠳᠣᠷᠬᠠᠢ ᠭᠠᠷᠴᠠ ᠭᠠᠷᠭᠠᠯᠭ᠎ᠠ ᠲᠠᠢ ᠰᠠᠨᠠᠯ ᠬᠡᠯᠡᠭᠰᠡᠨ ᠳᠥ ᠲᠠᠯᠠᠷᠬᠠᠯ ᠢᠯᠡᠷᠬᠡᠢᠢᠯᠡᠭᠡᠳ ᠡᠨᠡ ᠠᠭᠤᠯᠵᠠᠯᠲᠠ ᠨᠢ ᠳᠡᠯᠡᠬᠡᠢ ᠢᠢᠨ ᠪᠠᠩᠬᠢ ᠮᠣᠩ᠋ᠭᠣᠯ ᠤᠯᠤᠰ ᠲᠠᠢ ᠰᠲᠷᠠᠲ᠋ᠧᠭᠢ ᠢᠢᠨ ᠰᠠᠨᠠᠯ ᠨᠢᠭᠡᠳᠬᠡᠬᠦ ᠳᠦ ᠦᠨᠡᠲᠡᠢ ᠵᠥᠪᠯᠡᠭᠡ ᠪᠣᠯᠵᠤ ᠪᠤᠢ ᠢᠢ ᠣᠨᠴᠠᠯᠠᠵᠤ᠂ ᠴᠠᠭ ᠵᠠᠪ ᠭᠠᠷᠭᠠᠨ ᠠᠭᠤᠯᠵᠠᠭᠰᠠᠨ ᠳᠤ ᠲᠠᠯᠠᠷᠬᠠᠯ ᠢᠯᠡᠷᠬᠡᠢᠢᠯᠡᠪᠡ᠃