ᠠᠮᠧᠷᠢᠺᠠ ᠢᠢᠨ ᠨᠢᠭᠡᠳᠦᠭᠰᠡᠨ ᠤᠯᠤᠰ ᠤᠨ ᠺᠣᠩᠷᠧᠰᠰ ᠤᠨ ᠲᠥᠯᠥᠭᠡᠯᠡᠭᠴᠢᠳ ᠦᠨ ᠲᠠᠩᠬᠢᠮ ᠤᠨ ᠭᠡᠰᠢᠭᠦᠨ ᠲᠧᠳ᠋ ᠢᠣᡁᠣ᠋ ᠨᠠᠷ ᠤᠨ ᠨᠡᠷ᠎ᠡ ᠪᠦᠬᠦᠢ ᠭᠡᠰᠢᠭᠦᠳ 2018 ᠣᠨ ᠤ ᠳᠣᠯᠣᠭᠠᠳᠤᠭᠠᠷ ᠰᠠᠷ᠎ᠠ ᠢᠢᠨ 26 ᠤ ᠡᠳᠦᠷ ᠭᠤᠷᠪᠠᠳᠠᠭᠴᠢ ᠬᠥᠷᠰᠢ ᠢᠢᠨ ᠬᠤᠳᠠᠯᠳᠤᠭᠠᠨ ᠤ ᠬᠠᠤᠯᠢ ᠢᠢ ᠬᠡᠯᠡᠯᠴᠡᠭᠦᠯᠬᠦ ᠪᠡᠷ ᠺᠣᠩᠷᠧᠰ ᠲᠤ ᠡᠷᠭᠦᠨ ᠪᠠᠷᠢᠭᠰᠠᠨ ᠶᠤᠮ᠃
ᠡᠭᠦᠨ ᠡᠴᠡ ᠬᠣᠢᠢᠰᠢ ᠠᠮᠧᠷᠢᠺᠠ ᠢᠢᠨ ᠨᠢᠭᠡᠳᠦᠭᠰᠡᠨ ᠤᠯᠤᠰ ᠤᠨ ᠺᠣᠩᠷᠧᠰᠰ ᠤᠨ 116 ᠳ᠋ᠠᠬᠢ ᠪᠦᠷᠢᠯᠳᠦᠬᠦᠨ ᠰᠣᠩ᠋ᠭᠣᠭᠳᠠᠭᠰᠠᠨ ᠲᠠᠢ ᠬᠣᠯᠪᠣᠭᠳᠠᠭᠤᠯᠤᠨ ᠳᠡᠭᠡᠷᠡᠬᠢ ᠬᠠᠤᠯᠢ ᠢᠢᠨ ᠲᠥᠰᠦᠯ ᠢ 2019 ᠣᠨ ᠤ ᠳᠥᠷᠪᠡᠳᠦᠭᠡᠷ ᠰᠠᠷ᠎ᠠ ᠢᠢᠨ 11 ᠦ ᠡᠳᠦᠷ ᠰᠧᠨᠠᠲ ᠳ᠋ᠠᠬᠢ ᠠᠷᠠᠳᠴᠢᠯᠠᠭᠰᠠᠨ ᠨᠠᠮ ᠤᠨ ᠭᠡᠰᠢᠭᠦᠨ ᠪᠧᠨ ᠺᠠᠷᠳᠢᠨ ᠺᠣᠩᠷᠧᠰᠰ ᠲᠤ ᠳᠠᠬᠢᠨ ᠡᠷᠭᠦᠨ ᠪᠠᠷᠢᠪᠠ᠃
ᠠᠮᠧᠷᠢᠺᠠ ᠢᠢᠨ ᠨᠢᠭᠡᠳᠦᠭᠰᠡᠨ ᠤᠯᠤᠰ ᠤᠨ ᠺᠣᠩᠷᠧᠰᠰ ᠤᠨ ᠲᠠᠩᠬᠢᠮ ᠳᠤ ᠬᠡᠯᠡᠯᠴᠡᠭᠦᠯᠬᠦ ᠪᠡᠷ ᠳᠠᠬᠢᠨ ᠡᠷᠭᠦᠨ ᠪᠠᠷᠢᠭᠰᠠᠨ ᠭᠤᠷᠪᠠᠳᠠᠭᠴᠢ ᠬᠥᠷᠰᠢ ᠢᠢᠨ ᠬᠤᠳᠠᠯᠳᠤᠭᠠᠨ ᠤ ᠬᠠᠤᠯᠢ ᠪᠠᠲᠤᠯᠠᠭᠳᠠᠭᠰᠠᠨ ᠢᠶᠠᠷ ᠮᠣᠩ᠋ᠭᠣᠯ ᠤᠨ ᠣᠶᠣᠮᠠᠯ᠂ ᠰᠦᠯᠵᠢᠮᠡᠯ ᠪᠦᠲᠦᠭᠡᠭ᠍ᠳᠡᠬᠦᠨ ᠠᠮᠧᠷᠢᠺᠠ ᠢᠢᠨ ᠨᠢᠭᠡᠳᠦᠭᠰᠡᠨ ᠤᠯᠤᠰ ᠢᠢᠨ ᠵᠠᠬ᠎ᠠ ᠵᠡᠭᠡᠯᠢ ᠳᠥ ᠲᠠᠲᠠᠪᠤᠷᠢ ᠦᠭᠡᠢ ᠡᠺᠰᠫᠣᠷᠲ᠋ᠯᠠᠭᠳᠠᠬᠤ᠂ ᠮᠣᠩ᠋ᠭᠣᠯ ᠤᠯᠤᠰ-ᠠᠮᠧᠷᠢᠺᠠ ᠢᠢᠨ ᠨᠢᠭᠡᠳᠦᠭᠰᠡᠨ ᠤᠯᠤᠰ ᠤᠨ ᠬᠣᠭᠣᠷᠣᠨᠳᠣᠬᠢ ᠬᠤᠳᠠᠯᠳᠤᠭ᠎ᠠ ᠨᠡᠮᠡᠭ᠍ᠳᠡᠬᠦ ᠡᠴᠡ ᠭᠠᠳᠠᠨ᠎ᠠ ᠣᠶᠣᠮᠠᠯ᠂ ᠰᠦᠯᠵᠢᠮᠡᠯ ᠪᠦᠲᠦᠭᠡᠭ᠍ᠳᠡᠬᠦᠨ ᠦ ᠰᠠᠯᠪᠤᠷᠢ ᠳᠤ ᠮᠣᠩ᠋ᠭᠣᠯ ᠡᠮᠡᠭᠲᠡᠢᠢᠴᠦᠳ ᠦᠨ ᠠᠵᠢᠯ ᠤᠨ ᠪᠠᠢᠢᠷᠢ ᠣᠯᠠᠨ ᠢᠶᠠᠷ ᠨᠡᠮᠡᠭᠳᠡᠨ᠎ᠡ ᠭᠡᠵᠦ ᠦᠵᠡᠵᠦ ᠪᠠᠢᠢᠭ᠎ᠠ ᠲᠤᠯᠠ ᠮᠣᠩ᠋ᠭᠣᠯ ᠤᠯᠤᠰ ᠤᠨ ᠶᠡᠷᠦᠩᠬᠡᠢᠢᠯᠡᠭ᠍ᠴᠢ ᠳᠡᠭᠡᠷᠡᠬᠢ ᠬᠠᠤᠯᠢ ᠢᠢᠨ ᠲᠥᠰᠥᠯ ᠢ ᠪᠦᠷᠢᠨ ᠳᠦᠭᠦᠷᠡᠩ ᠳᠡᠮᠵᠢᠬᠦ ᠪᠡᠨ ᠢᠯᠡᠷᠬᠡᠢᠢᠯᠡᠵᠦ ᠪᠠᠢᠢᠨ᠎ᠠ᠃