ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠲᠤ ᠲᠥᠷᠥ ᠢᠢᠨ ᠠᠢᠢᠯᠴᠢᠯᠠᠯ ᠬᠢᠵᠦ᠂ 《ᠪᠥᠰᠡ ᠪᠠ ᠵᠠᠮ》 ᠣᠯᠠᠨ ᠤᠯᠤᠰ ᠤᠨ ᠬᠠᠮᠲᠤ ᠢᠢᠨ ᠠᠵᠢᠯᠯᠠᠭᠠᠨ ᠤ ᠳᠡᠭᠡᠳᠦ ᠲᠦᠪᠰᠢᠨ ᠦ ᠬᠣᠶᠠᠷ ᠳᠠᠬᠢ ᠤᠳᠠᠭ᠎ᠠ ᠢᠢᠨ ᠴᠢᠭᠤᠯᠭ᠎ᠠ ᠠᠭᠤᠯᠵᠠᠯᠲᠠ ᠳᠤ ᠣᠷᠣᠯᠴᠠᠭᠰᠠᠨ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠥᠨᠥᠳᠥᠷ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠤᠨ ᠴᠠᠣᠹᠧᠢᠳ᠋ᠶᠠᠨᠢ ᠪᠣᠭᠣᠮᠲᠠ ᠢᠢᠨ ᠦᠢᠯᠡ ᠠᠵᠢᠯᠯᠠᠭ᠎ᠠ ᠲᠠᠢ ᠲᠠᠨᠢᠯᠴᠠᠬᠤ ᠪᠠᠷ ᠬᠧᠪᠧᠢ ᠮᠤᠵᠢ ᠢᠢᠨ ᠲᠠᠩᠱᠠᠨᠢ ᠬᠣᠲᠠ ᠳᠤ ᠬᠦᠷᠦᠯᠴᠡᠨ ᠣᠴᠢᠯ᠎ᠠ᠃
ᠡᠨᠡ ᠦᠶ᠎ᠡ ᠪᠡᠷ ᠬᠧᠪᠧᠢ ᠮᠤᠵᠢ ᠢᠢᠨ ᠨᠠᠮ ᠤᠨ ᠬᠣᠷᠢᠶᠠᠨ ᠤ ᠨᠠᠷᠢᠨ ᠪᠢᠴᠢᠭ᠌ ᠦᠨ ᠳᠠᠷᠤᠭ᠎ᠠ ᠸᠠᠩ ᠳ᠋ᠤᠢᠹᠧᠨ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠳᠤ ᠪᠠᠷᠠᠭᠠᠯᠬᠠᠵᠤ᠂ ᠬᠧᠪᠧᠢ ᠮᠤᠵᠢ ᠢᠢᠨ ᠨᠡᠢᠢᠲᠡ 75 ᠰᠠᠶ᠎ᠠ ᠠᠷᠠᠳ ᠲᠦᠮᠡᠨ ᠦ ᠡᠮᠦᠨ᠎ᠡ ᠡᠴᠡ ᠣᠷᠣᠨ ᠨᠤᠲᠤᠭ ᠲᠤ ᠬᠦᠷᠦᠯᠴᠡᠨ ᠢᠷᠡᠭᠰᠡᠨ ᠳᠥ ᠲᠠᠯᠠᠷᠬᠠᠯ ᠢᠯᠡᠷᠬᠡᠢᠢᠯᠡᠯ᠎ᠡ᠃ ᠨᠣᠶᠠᠨ ᠸᠠᠩ ᠳ᠋ᠤᠢᠹᠧᠨ ᠤ ᠬᠡᠯᠡᠭᠰᠡᠨ ᠢᠶᠡᠷ ᠮᠣᠩ᠋ᠭᠣᠯ ᠤᠯᠤᠰ ᠤᠨ 22 ᠠᠵᠤ ᠠᠬᠤᠢ ᠢᠢᠨ ᠨᠢᠭᠡᠴᠡ ᠲᠤᠰ ᠮᠤᠵᠢ ᠢᠢᠨ ᠠᠵᠤ ᠠᠬᠤᠢ ᠢᠢᠨ ᠨᠢᠭᠡᠴᠡ ᠨᠦᠭᠦᠳ ᠲᠡᠢ ᠬᠠᠮᠲᠤᠷᠠᠨ ᠠᠵᠢᠯᠯᠠᠵᠤ ᠪᠠᠢᠢᠭ᠎ᠠ ᠪᠥᠭᠡᠳ 2019 ᠣᠨ ᠳᠤ ᠭᠡᠬᠦ ᠳᠥ ᠮᠣᠩ᠋ᠭᠣᠯ ᠤᠨ ᠬᠣᠶᠠᠷ ᠺᠣᠮᠫᠠᠨᠢ 84 ᠰᠠᠶ᠎ᠠ ᠠᠮ.ᠳ᠋ᠣᠯᠯᠠᠷ ᠤᠨ ᠬᠥᠷᠦᠩᠭᠡ ᠣᠷᠣᠭᠤᠯᠤᠯᠲᠠ ᠣᠷᠣᠭᠤᠯᠤᠭᠰᠠᠨ ᠨᠢ ᠴᠠᠭᠠᠰᠢᠳᠠ ᠡᠳ᠋ ᠦᠨ ᠵᠠᠰᠠᠭ ᠤᠨ ᠪᠣᠯᠤᠨ ᠪᠤᠰᠤᠳ ᠬᠠᠷᠢᠯᠴᠠᠭ᠎ᠠ ᠥᠷᠭᠡᠵᠢᠬᠦ ᠦᠨᠳᠦᠰᠦ ᠰᠠᠭᠤᠷᠢ ᠬᠡᠮᠡᠨ ᠬᠠᠷᠠᠵᠤ ᠪᠤᠢ ᠢᠢ ᠪᠠᠨ ᠢᠯᠡᠷᠬᠡᠢᠢᠯᠡᠭᠰᠡᠨ ᠶᠤᠮ᠃
ᠮᠥᠨ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠡᠳ᠋ ᠦᠨ ᠵᠠᠰᠠᠭ ᠤᠨ ᠬᠠᠷᠢᠯᠴᠠᠭ᠎ᠠ ᠢᠢ ᠥᠷᠭᠡᠵᠢᠭᠦᠯᠬᠦ ᠥᠷᠭᠡᠨ ᠪᠣᠯᠤᠮᠵᠢ ᠪᠠᠢᠢᠭ᠎ᠠ ᠲᠠᠯ᠎ᠠ ᠪᠠᠷ ᠳᠤᠷᠠᠳᠴᠤ᠂ ᠬᠡᠪᠡᠢ ᠮᠤᠵᠢ ᠢᠢᠨ ᠲᠠᠩᠱᠠᠨᠢ ᠬᠣᠲᠠ ᠢᠢ ᠵᠣᠷᠢᠨ ᠢᠷᠡᠭᠰᠡᠨ ᠨᠢ ᠴᠠᠣᠹᠧᠢᠳ᠋ᠶᠠᠨᠢ ᠳᠠᠯᠠᠢ ᠢᠢᠨ ᠪᠣᠭᠣᠮᠲᠠ ᠢᠢᠨ ᠦᠢᠯᠡ ᠠᠵᠢᠯᠯᠠᠭ᠎ᠠ ᠪᠣᠯᠤᠭᠠᠳ ᠴᠠᠭᠠᠰᠢᠳᠠ ᠢᠢᠨ ᠬᠠᠮᠲᠤ ᠢᠢᠨ ᠠᠵᠢᠯᠯᠠᠭ᠎ᠠ ᠲᠠᠢ ᠤᠶᠠᠯᠳᠤᠭ᠎ᠠ ᠲᠠᠢ ᠪᠣᠯᠬᠤ ᠢᠢ ᠴᠣᠬᠣᠨ ᠲᠡᠮᠳᠡᠭᠯᠡᠪᠡ᠃ ᠮᠥᠨ ᠲᠥᠷᠥ ᠢᠢᠨ ᠲᠡᠷᠢᠭᠦᠨ 70 ᠤᠯᠤᠰ ᠤᠨ 110 ᠭᠠᠷᠤᠢ ᠪᠣᠭᠣᠮᠲᠠ ᠲᠠᠢ ᠬᠣᠯᠪᠣᠭᠳᠠᠳᠠᠭ ᠡᠨᠡ ᠪᠣᠭᠣᠮᠲᠠ ᠪᠠᠷ ᠮᠣᠩ᠋ᠭᠣᠯ ᠤᠨ ᠨᠡᠭᠦᠷᠡᠰᠦ ᠢᠢ ᠭᠠᠳᠠᠭᠠᠳᠤ ᠵᠠᠬ᠎ᠠ ᠵᠡᠭᠡᠯᠢ ᠳᠦ ᠭᠠᠷᠭᠠᠬᠤ ᠰᠣᠨᠢᠷᠬᠠᠯ ᠲᠠᠢ ᠪᠠᠢᠢᠭ᠎ᠠ ᠲᠠᠯ᠎ᠠ ᠪᠠᠷ ᠢᠶᠠᠨ᠂ ᠢᠷᠡᠬᠦ ᠰᠠᠷ᠎ᠠ ᠠᠴᠠ ᠲᠤᠷᠰᠢᠯᠲᠠ ᠢᠢᠨ ᠲᠡᠭᠡᠭᠡᠪᠦᠷᠢ ᠶᠠᠪᠤᠭᠤᠯᠬᠤ ᠭᠡᠵᠦ ᠪᠤᠢ ᠭᠡᠳᠡᠭ ᠢᠶᠡᠨ ᠬᠡᠯᠡᠵᠦ᠂ ᠡᠨᠡ ᠠᠰᠠᠭᠤᠳᠠᠯ ᠤᠨ ᠬᠦᠷᠢᠶᠡᠨ ᠳᠥ ᠶᠠᠷᠢᠯᠴᠠᠯ᠎ᠠ᠃