ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠥᠨᠥᠳᠥᠷ 《ᠤᠯᠤᠰ ᠤᠨ ᠳᠡᠭᠡᠳᠦ ᠰᠢᠭᠦᠬᠦ ᠢᠢᠨ ᠶᠡᠷᠦᠩᠬᠡᠢ ᠰᠢᠭᠦᠭ᠍ᠴᠢ ᠢᠢᠨ ᠠᠯᠪᠠᠨ ᠲᠤᠰᠢᠶᠠᠯ ᠳᠤ ᠲᠣᠮᠢᠯᠠᠬᠤ ᠲᠤᠬᠠᠢ》 74 ᠳᠦᠭᠡᠷ ᠵᠠᠷᠯᠢᠭ ᠭᠠᠷᠭᠠᠪᠠ᠃
ᠵᠠᠷᠯᠢᠭ ᠲᠤᠷ᠄
ᠮᠣᠩ᠋ᠭᠣᠯ ᠤᠯᠤᠰ ᠤᠨ ᠦᠨᠳᠦᠰᠦᠨ ᠬᠠᠤᠯᠢ ᠢᠢᠨ ᠲᠠᠪᠢᠨ ᠨᠢᠭᠡᠳᠦᠭᠡᠷ ᠵᠦᠢᠯ ᠦᠨ 2᠂ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠲᠤᠬᠠᠢ ᠬᠠᠤᠯᠢ ᠢᠢᠨ 9 ᠳᠦᠭᠡᠷ ᠵᠦᠢᠯ ᠦᠨ 1᠂ ᠰᠢᠭᠦᠭ᠍ᠴᠢ ᠢᠢᠨ ᠡᠷᠬᠡ ᠵᠦᠢ ᠢᠢᠨ ᠪᠠᠢᠢᠳᠠᠯ ᠤᠨ ᠲᠤᠬᠠᠢ ᠬᠠᠤᠯᠢ ᠢᠢᠨ 15 ᠳ᠋ᠤᠭᠠᠷ ᠵᠦᠢᠯ ᠦᠨ 15.3 ᠳ᠋ᠠᠬᠢ ᠬᠡᠰᠡᠭ ᠢ ᠲᠤᠰ ᠲᠤᠰ ᠦᠨᠳᠦᠰᠦᠯᠡᠨ ᠵᠠᠷᠯᠢᠭ ᠪᠣᠯᠭᠠᠬᠤ ᠨᠢ᠄
ᠤᠯᠤᠰ ᠤᠨ ᠳᠡᠭᠡᠳᠦ ᠰᠢᠭᠦᠬᠦ ᠢᠢᠨ ᠰᠠᠨᠠᠯ ᠪᠣᠯᠭᠠᠭᠰᠠᠨ ᠢᠶᠠᠷ ᠬᠦᠬᠦᠢᠢᠰᠦ᠋ᠷᠦᠩ ᠦᠨ ᠪᠠᠲᠤᠰᠦ᠋ᠷᠦᠩ ᠢ ᠮᠣᠩ᠋ᠭᠣᠯ ᠤᠯᠤᠰ ᠤᠨ ᠳᠡᠭᠡᠳᠦ ᠰᠢᠭᠦᠬᠦ ᠢᠢᠨ ᠶᠡᠷᠦᠩᠬᠡᠢ ᠰᠢᠭᠦᠭᠴᠢ ᠢᠢᠨ ᠠᠯᠪᠠᠨ ᠲᠤᠰᠢᠶᠠᠯ ᠳᠤ ᠲᠣᠮᠢᠯᠠᠰᠤᠭᠠᠢ》 ᠭᠡᠵᠡᠢ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠵᠠᠷᠯᠢᠭ ᠢ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠵ ∙ ᠡᠩᠬᠡᠪᠣᠯᠤᠳ ᠤᠯᠤᠰ ᠤᠨ ᠳᠡᠭᠡᠳᠦ ᠰᠢᠭᠦᠬᠦ ᠢᠢᠨ ᠪᠠᠢᠢᠷᠢᠨ ᠳᠤ ᠣᠴᠢᠵᠤ᠂ ᠳᠡᠭᠡᠳᠦ ᠰᠢᠭᠦᠬᠦ ᠢᠢᠨ ᠰᠢᠭᠦᠭ᠍ᠴᠢ᠂ ᠠᠵᠢᠯᠲᠠᠨ᠂ ᠠᠯᠪᠠᠨ ᠬᠠᠭᠠᠭᠴᠢ ᠨᠠᠷ ᠲᠤ ᠤᠩᠰᠢᠵᠤ ᠰᠣᠨᠣᠷᠳᠠᠭᠤᠯᠤᠯ᠎ᠠ᠃
ᠵᠠᠷᠯᠢᠭ ᠤᠩᠰᠢᠵᠤ ᠰᠣᠨᠣᠷᠳᠠᠭᠤᠯᠤᠭᠰᠠᠨ ᠤ ᠳᠠᠷᠠᠭ᠎ᠠ ᠤᠯᠤᠰ ᠤᠨ ᠳᠡᠭᠡᠳᠦ ᠰᠢᠭᠦᠬᠦ ᠢᠢᠨ ᠶᠡᠷᠦᠩᠬᠡᠢ ᠰᠢᠭᠦᠭ᠍ᠴᠢ ᠢᠢᠨ ᠡᠭᠦᠷᠭᠡ ᠭᠦᠢᠴᠡᠳᠬᠡᠭ᠍ᠴᠢ ᠬ ∙ ᠰᠣᠨᠢᠨᠪᠠᠶᠠᠷ ᠰᠢᠨ᠎ᠡ ᠪᠡᠷ ᠲᠣᠮᠢᠯᠠᠭᠳᠠᠭᠰᠠᠨ ᠶᠡᠷᠦᠩᠬᠡᠢ ᠰᠢᠭᠦᠭ᠍ᠴᠢ ᠬ ∙ ᠪᠠᠲᠤᠰᠦ᠋ᠷᠦᠩ ᠳᠥ ᠳᠡᠭᠡᠳᠦ ᠰᠢᠭᠦᠬᠦ ᠢᠢᠨ ᠲᠠᠮᠠᠭ᠎ᠠ ᠢᠢ ᠭᠠᠷᠳᠠᠭᠤᠯᠪᠠ᠃