Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ 《ᠰᠢᠨ᠎ᠡ ᠡᠳ᠋ ᠍ ᠦᠨ ᠵᠠᠰᠠᠭ ᠤᠨ ᠹᠣᠷᠣᠢᠮ》 ᠍ ᠳᠤ ᠣᠷᠣᠯᠴᠠᠵᠤ᠂ ᠦᠭᠡ ᠬᠡᠯᠡᠪᠡ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠥᠨᠥᠳᠥᠷ 《ᠪᠯᠦᠢᠮᠪᠧᠷᠭ ᠮᠣᠩ᠋ᠭᠣᠯ》 ᠲᠧᠯᠧᠸᠢᠽ ᠦᠨ ᠵᠣᠬᠢᠶᠠᠨ ᠪᠠᠢᠢᠭᠤᠯᠤᠭᠰᠠᠨ《ᠰᠢᠨ᠎ᠡ ᠡᠳ᠋ ᠍ ᠦᠨ ᠵᠠᠰᠠᠭ ᠤᠨ ᠹᠣᠷᠣᠢᠮ》 ᠍ ᠤᠨ ᠲᠡᠭᠦᠰᠬᠡᠯ ᠦᠨ ᠳ᠋ᠦᠩᠨᠡᠬᠦ ᠴᠠᠭ ᠬᠡᠰᠡᠭ ᠲᠥ ᠣᠷᠣᠯᠴᠠᠵᠤ᠂ ᠬᠠᠭᠠᠯᠲᠠ ᠢᠢᠨ ᠦᠭᠡ ᠬᠡᠯᠡᠯ᠎ᠡ᠃

ᠡᠨᠡ ᠬᠦ ᠹᠣᠷᠣᠢᠮ ᠢ ᠮᠣᠩ᠋ᠭᠣᠯ ᠤᠨ ᠪᠢᠽᠢᠨ᠋᠋ᠧᠰ ᠦᠨ ᠵᠥᠪᠯᠡᠯ᠂ ᠮᠣᠩ᠋ᠭᠣᠯ ᠤᠨ ᠦᠨᠳᠦᠰᠦᠨ ᠦ ᠬᠤᠳᠠᠯᠳᠤᠭ᠎ᠠ ᠠᠵᠤ ᠦᠢᠯᠡᠳᠪᠦᠷᠢ ᠢᠢᠨ ᠲᠠᠩᠬᠢᠮ᠂ ᠮᠣᠩ᠋ᠭᠣᠯ ᠳᠠᠬᠢ ᠠᠮᠧᠷᠢᠺᠠ ᠢᠢᠨ ᠨᠢᠭᠡᠳᠦᠭᠰᠡᠨ ᠤᠯᠤᠰ ᠤᠨ ᠬᠤᠳᠠᠯᠳᠤᠭᠠᠨ ᠤ ᠲᠠᠩᠬᠢᠮ᠂ ᠹᠷᠠᠨ᠋ᠼ-ᠮᠣᠩ᠋ᠭᠣᠯ ᠤᠨ ᠬᠤᠳᠠᠯᠳᠤᠭᠠᠨ ᠤ ᠲᠠᠩᠬᠢᠮ ᠵᠡᠷᠭᠡ ᠪᠠᠢᠢᠭᠤᠯᠤᠯᠭ᠎ᠠ ᠨᠤᠭᠤᠳ ᠬᠠᠮᠲᠤᠷᠠᠨ ᠵᠣᠬᠢᠶᠠᠨ ᠪᠠᠢᠢᠭᠤᠯᠤᠭᠰᠠᠨ ᠶᠤᠮ᠃

ᠹᠣᠷᠣᠢᠮ ᠢ ᠵᠣᠬᠢᠶᠠᠨ ᠪᠠᠢᠢᠭᠤᠯᠤᠭᠴᠢᠳ ᠤᠨ ᠵᠦᠭ ᠡᠴᠡ 《ᠰᠢᠨ᠎ᠡ ᠡᠳ᠋ ᠍ ᠦᠨ ᠵᠠᠰᠠᠭ ᠤᠨ ᠹᠣᠷᠣᠢᠮ》 ᠨᠢ ᠠᠩᠬ᠎ᠠ ᠤᠳᠠᠭ᠎ᠠ ᠦᠨᠳᠦᠰᠦᠨ ᠦ ᠰᠢᠯᠢᠳᠡᠭ ᠦᠢᠯᠡᠳᠪᠦᠷᠢᠯᠡᠭᠴᠢ᠂ ᠣᠯᠠᠨ ᠤᠯᠤᠰ ᠤᠨ ᠪᠠᠢᠢᠭᠤᠯᠤᠯᠭ᠎ᠠ ᠨᠤᠭᠤᠳ᠂ ᠪᠠᠶᠠᠯᠢᠭ ᠪᠦᠲᠦᠭᠡᠭ᠍ᠴᠢ ᠬᠤᠪᠢ ᠢᠢᠨ ᠬᠡᠪᠰᠢᠯ ᠦᠨ ᠬᠢᠨ ᠦ ᠬᠦᠷᠢᠶᠡᠨ ᠳᠥ ᠡᠳ᠋ ᠍ ᠦᠨ ᠵᠠᠰᠠᠭ ᠤᠨ ᠬᠥᠭ᠍ᠵᠢᠯ ᠦᠨ ᠲᠤᠯᠭᠠᠮᠳᠠᠭᠰᠠᠨ ᠠᠰᠠᠭᠤᠳᠠᠯ ᠤᠳ ᠢ ᠲᠣᠳᠣᠷᠬᠠᠢᠢᠯᠠᠵᠤ᠂ ᠪᠣᠳᠠᠲᠤ ᠪᠣᠯᠤᠮᠵᠢ᠂ ᠭᠠᠷᠴᠠ ᠨᠤᠭᠤᠳ ᠢ ᠬᠡᠯᠡᠯᠴᠡᠯ᠎ᠡ ᠬᠡᠮᠡᠨ ᠲᠣᠳᠣᠳᠬᠠᠯ᠎᠎ᠠ᠃

ᠬᠡᠯᠡᠯᠴᠡᠭᠦᠯᠭᠡ ᠳᠥ ᠣᠷᠣᠯᠴᠠᠭᠴᠢᠳ ᠬᠥᠷᠦᠩᠭᠡ ᠣᠷᠣᠭᠤᠯᠤᠭᠴᠢ᠂ ᠡᠳ᠋ ᠍ ᠦᠨ ᠵᠠᠰᠠᠭᠴᠢ᠂ ᠤᠳᠤᠷᠢᠳᠤᠯᠭ᠎ᠠ᠂ ᠨᠥᠯᠦᠭᠡᠯᠡᠭᠴᠢ ᠵᠡᠷᠭᠡ ᠪᠦᠯᠦᠭ ᠦᠳ ᠲᠥ ᠬᠤᠪᠢᠶᠠᠭᠳᠠᠨ ᠪᠦᠲᠦᠩ ᠡᠳᠦᠷ ᠦᠨ ᠲᠤᠷᠰᠢ ᠲᠣᠳᠣᠷᠬᠠᠢ ᠰᠡᠳᠦᠪ ᠦᠳ ᠦᠨ ᠬᠦᠷᠢᠶᠡᠨ ᠳᠥ ᠬᠡᠯᠡᠯᠴᠡᠭᠦᠯᠭᠡ ᠥᠷᠨᠢᠭᠦᠯᠦᠭᠰᠡᠨ ᠦ ᠳᠠᠷᠠᠭ᠎ᠠ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠹᠣᠷᠣᠢᠮ ᠢ ᠬᠠᠭᠠᠵᠤ ᠦᠭᠡ ᠬᠡᠯᠡᠭᠰᠡᠨ ᠶᠤᠮ᠃