ᠮᠣᠩ᠋ᠭᠣᠯ ᠤᠨ ᠷᠣᠺ᠂ ᠫᠣᠫ ᠤᠷᠠᠯᠢᠭ ᠤᠨ ᠶᠢᠷᠲᠢᠨᠴᠦ ᠳᠥ 《ᠾᠢᠦᠩᠨᠦ ᠷᠣᠺ》 ᠭᠡᠬᠦ ᠰᠢᠨ᠎ᠡ ᠤᠷᠤᠰᠬᠠᠯ ᠢᠶᠠᠷ ᠤᠷᠠᠨ ᠪᠦᠲᠦᠭᠡᠯ ᠲᠤᠭᠤᠷᠪᠢᠵᠤ᠂ ᠳᠡᠯᠡᠬᠡᠢ ᠳᠠᠬᠢᠨ᠎ᠠ ᠣᠯᠠᠨ ᠰᠠᠶ᠋᠎ᠠ ᠰᠣᠨᠣᠰᠤᠭᠴᠢ᠂ ᠹᠧᠨ ᠲᠡᠢ ᠪᠣᠯᠵᠤ ᠪᠤᠢ 《THE HU》 ᠪᠤᠶᠤ ᠬᠦᠮᠦᠨ (ᠬᠦ) ᠬᠠᠮᠲᠤᠯᠢᠭ ᠤᠨ ᠫᠷᠣᠳᠢᠶᠦ᠋ᠰᠧᠷ᠂ ᠳᠠᠭᠤᠴᠢᠨ ᠪ ∙ ᠳᠠᠰᠢᠳᠣᠨᠳᠣᠭ ᠪᠣᠯᠤᠨ ᠬᠠᠮᠲᠤᠯᠢᠭ ᠤᠨ ᠭᠡᠰᠢᠭᠦᠳ ᠢ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠥᠨᠥᠳᠥᠷ ᠬᠦᠯᠢᠶᠡᠨ ᠠᠪᠴᠤ ᠠᠭᠤᠯᠵᠠᠯ᠎ᠠ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ᠂ ᠮᠣᠩ᠋ᠭᠣᠯ ᠤᠯᠤᠰ ᠤᠨ ᠭᠠᠪᠢᠶᠠᠲᠤ ᠵᠦᠵᠦᠭᠡᠴᠢᠨ᠂ ᠳᠠᠭᠤᠴᠢᠨ ᠫᠷᠣᠳᠢᠶᠦ᠋ᠰᠧᠷ ᠪ ∙ ᠳᠠᠰᠢᠳᠣᠨᠳᠣᠭ ᠨᠠᠷ 1990 ᠍ ᠊ᠭᠡᠳ ᠣᠨ ᠤ ᠳᠤᠮᠳᠠᠭᠤᠷ ᠮᠣᠩ᠋ᠭᠣᠯ ᠤᠨ ᠬᠥᠭ᠍ᠵᠢᠮ ᠦᠨ ᠵᠠᠬ᠎ᠠ ᠵᠡᠭᠡᠯᠢ ᠬᠤᠮᠢᠭᠳᠠᠮᠠᠯ ᠪᠠᠢᠢᠭᠰᠠᠨ ᠲᠠᠯ᠎ᠠ ᠪᠠᠷ ᠳᠤᠷᠠᠰᠴᠤ᠂ ᠲᠤᠬᠠᠢ ᠢᠢᠨ ᠦᠶ᠎ᠡ ᠳᠡᠭᠡᠨ ᠬᠠᠮᠲᠤᠷᠠᠨ ᠠᠮᠢᠳᠤ ᠬᠥᠭ᠍ᠵᠢᠮ ᠦᠨ ᠲᠣᠭᠯᠠᠯᠲᠠ ᠵᠣᠬᠢᠶᠠᠨ ᠪᠠᠢᠢᠭᠤᠯᠤᠭᠰᠠᠨ ᠨᠢ ᠮᠣᠩ᠋ᠭᠣᠯ ᠤᠨ ᠬᠥᠭ᠍ᠵᠢᠮ ᠦᠨ ᠶᠢᠷᠲᠢᠨᠴᠦ ᠳᠥ ᠰᠢᠨ᠎ᠡ ᠤᠷᠤᠰᠬᠠᠯ᠂ ᠠᠮᠢᠳᠤ ᠬᠥᠭ᠍ᠵᠢᠮ ᠢ ᠮᠡᠳᠡᠷᠡᠬᠦ ᠵᠡᠷᠭᠡ ᠰᠢᠨᠡᠯᠢᠭ ᠵᠦᠢᠯ ᠠᠪᠴᠢᠷᠠᠵᠤ ᠪᠠᠢᠢᠭᠰᠠᠨ ᠲᠠᠯ᠎ᠠ ᠪᠠᠷ ᠢᠶᠠᠨ ᠳᠤᠷᠠᠰᠤᠨ ᠶᠠᠷᠢᠵᠠᠭᠠᠪᠠ᠃
ᠬᠠᠷᠢᠨ ᠫᠷᠣᠳᠢᠶᠦ᠋ᠰᠧᠷ ᠪ ∙ ᠳᠠᠰᠢᠳᠣᠨᠳᠣᠭ 《THE HU》 ᠬᠠᠮᠲᠤᠯᠢᠭ ᠢ 2016 ᠣᠨ ᠳᠤ ᠡᠭᠦᠰᠬᠡᠨ ᠪᠠᠢᠢᠭᠤᠯᠤᠭᠰᠠᠨ ᠪᠥᠭᠡᠳ ᠬᠠᠮᠲᠤᠯᠢᠭ ᠢ ᠬᠥᠭ᠍ᠵᠢᠮ ᠦᠨ ᠵᠠᠬ᠎ᠠ ᠵᠡᠭᠡᠯᠢ ᠳᠥ ᠭᠠᠷᠭᠠᠵᠤ ᠢᠷᠡᠬᠦ ᠢᠢᠨ ᠲᠤᠯᠠᠳᠠ ᠣᠯᠠᠨ ᠵᠢᠯ ᠦᠨ ᠲᠤᠷᠰᠢ ᠰᠤᠳᠤᠯᠭ᠎ᠠ ᠬᠢᠭ᠍ᠰᠡᠨ ᠪᠠᠢᠢᠨ᠎ᠠ᠃ ᠣᠳᠣ ᠪᠠᠷ 9 ᠳᠠᠭᠤᠤ ᠲᠠᠢ 《ᠭᠡᠷᠡᠭ》 ᠨᠡᠷᠡᠲᠡᠢ ᠠᠩᠬᠠᠨ ᠤ ᠴᠣᠮᠣᠭ ᠢᠶᠠᠨ ᠡᠨᠡ ᠣᠨ ᠳᠤ ᠭᠠᠷᠭᠠᠬᠤ ᠪᠠᠷ ᠲᠥᠯᠥᠪᠯᠡᠵᠦ᠂ ᠡᠬᠢᠨ ᠦ ᠬᠣᠶᠠᠷ ᠳᠠᠭᠤᠤ ᠴᠠᠴᠤᠭᠳᠠᠭᠰᠠᠨ ᠨᠢ 《Yu ve yu ve yu》᠂ 《ᠴᠢᠨᠤᠨ ᠰᠦᠯᠳᠡ》 ᠶᠤᠮ᠃ ᠡᠳᠡᠭᠡᠷ ᠳᠠᠭᠤᠤ ᠨᠢ ᠵᠢᠯ ᠬᠦᠷᠬᠦ ᠦᠭᠡᠢ ᠬᠤᠭᠤᠴᠠᠭᠠᠨ ᠳᠤ ᠵᠥᠪᠬᠡᠨ youtube ᠰᠤᠪᠠᠭ ᠢᠶᠠᠷ 27 ᠣᠷᠴᠢᠮ ᠰᠠᠶ᠎ᠠ ᠰᠣᠨᠣᠰᠤᠭᠴᠢ᠂ ᠦᠵᠡᠭᠴᠢᠳ ᠲᠥ ᠬᠦᠷᠴᠡᠢ᠃
ᠣᠳᠣ ᠪᠠᠷ 《ᠴᠢᠨᠤᠨ ᠰᠦᠯᠳᠡ》 ᠳᠠᠭᠤᠤ ᠨᠢ Billboard ᠍ ᠤᠨ 《ᠾᠠᠷᠳ᠋ ᠷᠣᠺ》 ᠳᠠᠭᠤᠨ ᠤ ᠪᠣᠷᠣᠯᠠᠭᠤᠯᠤᠯᠲᠠ ᠢᠢᠨ ᠵᠢᠭ᠌ᠰᠠᠭᠠᠯᠲᠠ ᠢᠢ ᠲᠡᠷᠢᠭᠦᠯᠡᠭᠰᠡᠨ ᠠᠩᠬᠠᠨ ᠤ ᠮᠣᠩ᠋ᠭᠣᠯ ᠳᠠᠭᠤᠤ ᠪᠣᠯᠤᠭᠰᠠᠨ ᠪᠣᠯ 《Yu ve yu ve yu》 ᠪᠦᠲᠦᠭᠡᠯ ᠨᠢ ᠮᠥᠨ Billboard ᠍ ᠳᠥ ᠡᠬᠢᠨ ᠦ 10 ᠍ ᠳᠥ ᠪᠠᠭᠲᠤᠭᠰᠠᠨ ᠶᠤᠮ᠃
《ᠾᠢᠦᠩᠨᠦ ᠷᠣᠺ》 ᠭᠡᠬᠦ ᠤᠷᠤᠰᠬᠠᠯ ᠳᠤ ᠬᠥᠭ᠍ᠵᠢᠮ ᠦᠨ ᠣᠯᠠᠨ ᠲᠥᠷᠦᠯ ᠵᠦᠢᠯ ᠪᠠᠭᠳᠡᠴᠤ ᠪᠠᠢᠢᠭ᠎ᠠ ᠨᠢ ᠵᠥᠪᠬᠡᠨ ᠷᠣᠺ ᠰᠣᠨᠢᠷᠬᠠᠭᠴᠢ ᠭᠡᠯᠲᠡ ᠦᠭᠡᠢ ᠣᠯᠠᠨ ᠬᠦᠮᠦᠨ ᠰᠣᠨᠣᠰᠬᠤ ᠪᠣᠯᠤᠮᠵᠢ ᠣᠯᠭᠤᠵᠤ ᠪᠠᠢᠢᠭ᠎ᠠ ᠲᠤᠯᠠ ᠢᠷᠡᠬᠦ ᠳᠥᠷᠪᠡᠨ ᠵᠢᠯ ᠳᠥ ᠪᠠᠭᠲᠠᠨ ᠳᠥᠷᠪᠡᠨ ᠴᠣᠮᠣᠭ ᠭᠠᠷᠭᠠᠬᠤ ᠭᠡᠷ᠎ᠡ ᠢᠢ 《THE HU》 ᠬᠠᠮᠲᠤᠯᠢᠭ ᠤᠨ ᠬᠢᠨ ᠳᠡᠯᠡᠬᠡᠢ ᠳᠥ ᠠᠯᠳᠠᠷᠲᠠᠢ ᠫᠷᠣᠳᠠᠺᠱᠨ ᠲᠠᠢ ᠪᠠᠢᠢᠭᠤᠯᠵᠠᠢ᠃
ᠡᠳᠡᠭᠡᠷ ᠠᠮᠵᠢᠯᠲᠠ ᠨᠢ ᠮᠣᠩ᠋ᠭᠣᠯ ᠢ ᠳᠡᠯᠡᠬᠡᠢ ᠳᠠᠬᠢᠨ᠎ᠠ ᠰᠤᠷᠲᠠᠯᠴᠢᠯᠠᠵᠤ ᠪᠠᠢᠢᠭᠠᠳ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠲᠠᠯᠠᠷᠬᠠᠨ ᠪᠠᠶᠠᠷ ᠬᠦᠷᠭᠡᠵᠦ᠂ ᠨᠡᠷ᠎ᠡ ᠠᠯᠳᠠᠷ ᠲᠤ ᠬᠦᠷᠦᠭᠰᠡᠨ ᠴᠤ ᠲᠡᠭᠦᠨ ᠳᠥ ᠪᠡᠨ ᠡᠷᠳᠦᠯ ᠦᠭᠡᠢ ᠪᠡᠷ ᠬᠠᠮᠲᠤᠯᠢᠭ ᠢᠶᠠᠨ ᠪᠠᠢᠢᠩ᠋ᠭᠤ ᠲᠣᠷᠳᠠᠵᠤ᠂ ᠡᠪ ᠨᠢᠭᠡᠳᠦᠯ ᠢᠶᠡᠨ ᠡᠷᠬᠢᠮᠯᠡᠬᠦ ᠬᠡᠷᠡᠭᠲᠡᠢ ᠬᠡᠮᠡᠨ ᠰᠠᠨᠠᠭᠤᠯᠤᠭᠰᠠᠨ ᠶᠤᠮ᠃
ᠮᠥᠨ ᠬᠠᠮᠲᠤᠯᠢᠭ ᠤᠨ ᠬᠤᠪᠴᠠᠰᠤ᠂ ᠬᠥᠭ᠍ᠵᠢᠮ ᠦᠨ ᠵᠢᠮᠰᠡᠭ᠂ ᠴᠢᠨᠠᠭᠰᠢᠳᠠ ᠢᠢᠨ ᠲᠥᠯᠦᠪᠯᠡᠭᠡᠨ ᠦ ᠲᠠᠯ᠎ᠠ ᠪᠠᠷ ᠮᠡᠳᠡᠭᠡᠯᠡᠯ ᠰᠣᠨᠣᠰᠴᠤ᠂ ᠰᠠᠩᠬᠦᠵᠢᠯᠲᠡ ᠢᠢᠨ ᠠᠰᠠᠭᠤᠳᠠᠯ ᠢᠶᠠᠷ ᠲᠣᠭᠲᠠᠵᠤ ᠶᠠᠷᠢᠪᠠ᠃ ᠲᠤᠬᠠᠢᠢᠯᠠᠪᠠᠯ᠂ ᠬᠠᠮᠲᠤᠯᠢᠭ ᠤᠨ ᠭᠡᠰᠢᠭᠦᠳ ᠦᠨ ᠬᠡᠷᠡᠭᠯᠡᠳᠡᠭ ᠬᠤᠭᠤᠷ᠂ ᠴᠤᠭᠤᠷ ᠵᠡᠷᠭᠡ ᠵᠢᠮᠰᠡᠭ ᠨᠢ ᠨᠥᠭᠡᠴᠡ ᠦᠭᠡᠢ ᠲᠤᠯᠠ ᠳᠠᠬᠢᠨ ᠪᠦᠲᠦᠭᠡᠬᠦ᠂ ᠬᠠᠮᠲᠤᠯᠢᠭ ᠤᠨ ᠥᠪᠡᠷᠮᠢᠴᠡ ᠰᠢᠨᠵᠢ᠂ ᠤᠷᠤᠰᠬᠠᠯ ᠢ ᠢᠯᠡᠭᠦᠦ ᠬᠤᠷᠴᠠᠯᠠᠬᠤ ᠬᠤᠪᠴᠠᠰᠤ ᠵᠠᠭᠪᠤᠷ ᠤᠨ ᠪᠦᠲᠦᠭᠡᠯ ᠢ ᠬᠢᠯᠭᠡᠬᠦ᠂ ᠭᠠᠳᠠᠭᠠᠳᠤ ᠤᠯᠤᠰ ᠲᠤ ᠠᠶᠠᠯᠠᠨ ᠲᠣᠭᠲᠠᠯᠠᠯᠲᠠ ᠪᠠᠷ ᠶᠠᠪᠤᠬᠤ ᠵᠡᠷᠭᠡ ᠳᠥ ᠣᠯᠠᠨ ᠰᠠᠶ᠎ᠠ ᠲᠥᠭᠦᠷᠢᠭ᠌ ᠦᠨ ᠰᠠᠩᠬᠦᠵᠢᠯᠲᠡ ᠱᠠᠭᠠᠷᠳᠠᠯᠭ᠎ᠠ ᠲᠠᠢ ᠪᠣᠯᠳᠠᠭ ᠪᠠᠢᠢᠨ᠎ᠠ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠠᠭᠤᠯᠵᠠᠯᠲᠠ ᠢᠢᠨ ᠲᠡᠭᠦᠰᠬᠡᠯ ᠳᠥ ᠬᠠᠮᠲᠤᠯᠢᠭ ᠤᠨ ᠭᠡᠰᠢᠭᠦᠳ ᠲᠥ ᠪᠣᠯᠤᠨ ᠴᠠᠭᠠᠰᠢᠳᠠ ᠢᠢᠨ ᠤᠷᠠᠨ ᠪᠦᠲᠦᠭᠡᠯ ᠳᠥ ᠨᠢ ᠠᠮᠵᠢᠯᠲᠠ ᠬᠦᠰᠡᠯ᠎ᠡ᠃