ᠳᠣᠷᠣᠨᠠᠭᠣᠪᠢ ᠠᠢᠢᠮᠠᠭ ᠤᠨ ᠮᠠᠨᠳᠤᠬᠤ ᠰᠤᠮᠤ ᠢᠢᠨ ᠪᠤᠳᠠᠷᠠᠨ ᠪᠠᠭ ᠤᠨ ᠨᠤᠲᠤᠭ ᠲᠤ ᠥᠨᠥᠳᠥᠷ 《ᠲᠥᠷᠥ ᠡᠴᠡ ᠲᠡᠮᠦᠷ ᠵᠠᠮ ᠤᠨ ᠲᠠᠯ᠎ᠠ ᠪᠠᠷ ᠪᠠᠷᠢᠮᠲᠠᠯᠠᠬᠤ ᠪᠣᠳᠣᠯᠭ᠎ᠠ》 ᠍ ᠤᠨ ᠳᠠᠭᠠᠭᠤ ᠪᠠᠷᠢᠭᠳᠠᠬᠤ ᠲᠠᠪᠤᠨᠲᠣᠯᠣᠭᠠᠢ-ᠵᠡᠭᠦᠨᠪᠠᠶᠠᠨ ᠴᠢᠭᠯᠡᠯ ᠦᠨ ᠲᠡᠮᠦᠷ ᠵᠠᠮ ᠤᠨ ᠪᠦᠲᠦᠭᠡᠨ ᠪᠠᠢᠢᠭᠤᠯᠤᠯᠲᠠ ᠢᠢᠨ ᠨᠡᠭᠡᠭᠡᠯᠲᠡ ᠪᠣᠯᠤᠯ᠎ᠠ᠃
ᠲᠠᠪᠤᠨᠲᠣᠯᠣᠭᠠᠢ-ᠵᠡᠭᠦᠨᠪᠠᠶᠠᠨ ᠴᠢᠭᠯᠡᠯ ᠦᠨ ᠲᠡᠮᠦᠷ ᠵᠠᠮ ᠤᠨ ᠨᠡᠢᠢᠲᠡ ᠤᠷᠲᠤ 414.6 ᠺᠢᠯᠣᠮᠧᠲ᠋ᠷ ᠪᠥᠭᠡᠳ ᠥᠨᠥᠳᠥᠷ ᠨᠡᠭᠡᠭᠡᠯᠲᠡ ᠪᠣᠯᠤᠭᠰᠠᠨ ᠭᠠᠵᠠᠷ ᠨᠢ 290 ᠳ᠋ᠡᠬᠢ ᠺᠮ ᠶᠤᠮ᠃ ᠡᠨᠡ ᠴᠡᠭ ᠡᠴᠡ ᠡᠬᠢᠯᠡᠨ ᠡᠮᠦᠨᠡᠭᠣᠪᠢ ᠠᠢᠢᠮᠠᠭ ᠤᠨ ᠴᠣᠭᠲᠤᠴᠡᠴᠡᠢ ᠴᠢᠭᠯᠡᠯ ᠳᠥ ᠡᠬᠢᠨ ᠦ ᠡᠭᠡᠯᠵᠢ ᠢᠢᠨ 50 ᠺᠢᠯᠣᠮᠧᠲ᠋ᠷ ᠲᠡᠮᠦᠷ ᠵᠠᠮ ᠤᠨ ᠵᠢᠷᠤᠭ ᠲᠥᠰᠥᠯ ᠢ ᠭᠠᠷᠭᠠᠭᠰᠠᠨ ᠲᠤᠯᠠ ᠪᠦᠲᠦᠭᠡᠨ ᠪᠠᠢᠢᠭᠤᠯᠤᠯᠲᠠ ᠢᠢᠨ ᠠᠵᠢᠯ ᠢ ᠡᠨᠡ ᠴᠡᠭ ᠡᠴᠡ ᠠᠯᠪᠠᠨ ᠶᠣᠰᠣᠭᠠᠷ ᠡᠬᠢᠯᠡᠭᠦᠯᠵᠦ ᠪᠠᠢᠢᠭ᠎ᠠ ᠬᠡᠮᠡᠨ 《ᠮᠣᠩ᠋ᠭᠣᠯ ᠤᠨ ᠲᠡᠮᠦᠷ ᠵᠠᠮ》 ᠲᠥᠷᠥ ᠢᠢᠨ ᠥᠮᠴᠢ ᠢᠢᠨ ᠬᠤᠪᠢᠴᠠᠭᠠᠲᠤ ᠺᠣᠮᠫᠠᠨᠢ ᠦᠨ ᠭᠦᠢᠴᠡᠳᠭᠡᠬᠦ ᠵᠠᠬᠢᠷᠤᠯ ᠪ ∙ ᠴᠡᠩᠭ᠋ᠡᠯ ᠬᠡᠯᠡᠯ᠎ᠡ᠃
ᠥᠨᠥᠳᠥᠷ ᠡᠢᠢᠨ ᠬᠦ ᠪᠦᠲᠦᠭᠡᠨ ᠪᠠᠢᠢᠭᠤᠯᠤᠯᠲᠠ ᠢᠢᠨ ᠠᠵᠢᠯ ᠢ ᠡᠬᠢᠯᠡᠭᠦᠯᠦᠭᠰᠡᠨ ᠢᠶᠡᠷ ᠲᠡᠮᠦᠷ ᠵᠠᠮ ᠤᠨ ᠳᠡᠳ᠋ ᠪᠦᠲᠦᠴᠡ ᠢᠢᠨ ᠪᠤᠶᠤ ᠭᠠᠵᠠᠷ ᠰᠢᠷᠤᠢᠢᠨ ᠤ᠂ ᠳᠥᠷᠪᠡᠯᠵᠢᠨ ᠪᠣᠯᠤᠨ ᠳᠤᠭᠤᠢ ᠬᠣᠭᠣᠯᠠᠢ᠂ ᠭᠦᠭᠦᠷᠭᠡᠨ ᠦ ᠪᠦᠲᠦᠭᠡᠨ ᠪᠠᠢᠢᠭᠤᠯᠤᠯᠲᠠ ᠢᠢᠨ ᠠᠵᠢᠯ ᠡᠬᠢᠯᠡᠵᠦ ᠪᠠᠢᠢᠭ᠎ᠠ ᠶᠤᠮ᠃
ᠲᠡᠮᠦᠷ ᠵᠠᠮ ᠪᠠᠷᠢᠵᠤ ᠪᠠᠢᠢᠭᠤᠯᠬᠤ ᠳᠤ ᠨᠡᠢᠢᠲᠡ 3700 ᠣᠷᠴᠢᠮ ᠬᠦᠮᠦᠨ᠂ 1352 ᠮᠠᠱᠢᠨ ᠮᠧᠬᠠᠨᠢᠰᠮ ᠠᠵᠢᠯᠯᠠᠨ᠎ᠠ᠃ ᠰᠢᠭᠤᠳ ᠪᠠᠢᠢᠳᠠᠯ ᠢᠶᠠᠷ 3700 ᠣᠷᠴᠢᠮ ᠬᠦᠮᠦᠨ ᠠᠵᠢᠯ ᠣᠷᠣᠯᠭ᠎ᠠ ᠲᠠᠢ ᠪᠣᠯᠬᠤ ᠪᠥᠭᠡᠳ ᠰᠢᠭᠤᠳ ᠪᠤᠰᠤ ᠪᠠᠷ ᠪᠤᠶᠤ ᠮᠠᠲ᠋ᠧᠷᠢᠶᠠᠯ᠂ ᠲᠧᠭᠨᠢᠭ ᠬᠠᠩ᠋ᠭᠠᠮᠵᠢ᠂ ᠤᠰᠤ᠂ ᠬᠦᠨᠡᠰᠦ ᠬᠠᠩᠭ᠋ᠠᠮᠵᠢ ᠵᠡᠷᠭᠡ ᠪᠡᠷ 10 ᠮᠢᠩᠭ᠋᠎ᠠ ᠣᠷᠴᠢᠮ ᠬᠦᠮᠦᠨ᠂ ᠲᠡᠳᠡᠭᠡᠷ ᠦᠨ ᠭᠡᠷ ᠪᠦᠯᠢ ᠲᠥᠰᠥᠯ ᠦᠨ ᠪᠠᠷᠢᠯᠭ᠎ᠠ ᠤᠭᠰᠠᠷᠠᠯᠲᠠ ᠢᠢᠨ ᠪᠦᠲᠦᠭᠡᠨ ᠪᠠᠢᠢᠭᠤᠯᠤᠯᠲᠠ ᠢᠢᠨ ᠦᠶ᠎ᠡ ᠳᠥ ᠣᠷᠣᠯᠭ᠎ᠠ ᠲᠠᠢ ᠪᠣᠯᠬᠤ ᠶᠤᠮ᠃
ᠪᠦᠲᠦᠭᠡᠨ ᠪᠠᠢᠢᠭᠤᠯᠤᠯᠲᠠ ᠢᠢ ᠵᠡᠪᠰᠡᠭᠲᠦ ᠬᠦᠴᠦᠨ ᠦ 7781 ᠠᠩᠬᠢ ᠢᠢᠨ ᠪᠡᠶ᠎ᠡ ᠪᠦᠷᠢᠯᠳᠦᠬᠦᠨ ᠴᠠᠯᠢᠩ ᠲᠠᠢ ᠪᠠᠷ ᠬᠢᠵᠦ ᠭᠦᠢᠴᠡᠳᠭᠡᠨ᠎ᠡ᠃
ᠪᠦᠲᠦᠭᠡᠨ ᠪᠠᠢᠢᠭᠤᠯᠤᠯᠳᠠ ᠢᠢᠨ ᠠᠯᠪᠠᠨ ᠶᠣᠰᠤᠨ ᠤ ᠨᠡᠭᠡᠭᠡᠯᠳᠠ ᠳᠦᠷ ᠣᠷᠤᠯᠴᠠᠭᠰᠠᠨ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠄
《ᠲᠠ ᠪᠦᠬᠦᠨ ᠳᠥ ᠡᠨᠡ ᠡᠳᠦᠷ ᠦᠨ ᠮᠡᠨᠳᠦ ᠬᠦᠷᠭᠡᠶ᠎ᠡ᠃ 2008 ᠣᠨ ᠤ ᠰᠣᠩᠭ᠋ᠣᠭᠤᠯᠢ ᠪᠠᠷ ᠪᠦᠷᠢᠯᠳᠦᠭᠰᠡᠨ ᠤᠯᠤᠰ ᠤᠨ ᠶᠡᠬᠡ ᠬᠤᠷᠠᠯ ᠬᠠᠮᠲᠤᠷᠠᠭᠰᠠᠨ ᠵᠠᠰᠠᠭ ᠤᠨ ᠭᠠᠵᠠᠷ ᠪᠠᠢᠢᠭᠤᠯᠬᠤ ᠦᠶ᠎ᠡ ᠳᠥ ᠮᠢᠨᠦ ᠪᠡᠶ᠎ᠡ ᠵᠠᠮ᠂ ᠲᠡᠭᠡᠭᠡᠪᠦᠷᠢ᠂ ᠪᠠᠷᠢᠯᠭ᠎ᠠ᠂ ᠬᠣᠲᠠ ᠪᠠᠢᠢᠭᠤᠯᠤᠯᠲᠠ ᠢᠢᠨ ᠰᠠᠢᠢᠳ ᠢᠶᠠᠷ ᠠᠵᠢᠯᠯᠠᠵᠤ ᠪᠠᠢᠢᠭᠰᠠᠨ ᠭᠡᠳᠡᠭ ᠢ ᠲᠠ ᠪᠦᠬᠦᠨ ᠮᠡᠳᠡᠬᠦ ᠪᠠᠢᠢᠬᠤ᠃
ᠰᠠᠢᠢᠳ ᠪᠣᠳᠣᠯᠭ᠎ᠠ ᠲᠣᠳᠣᠷᠬᠠᠢᠢᠯᠠᠬᠤ ᠶᠣᠰᠣᠲᠠᠢ ᠲᠤᠯᠠ ᠲᠤᠬᠠᠢ ᠢᠢᠨ ᠦᠶ᠎ᠡ ᠢᠢᠨ ᠢᠶᠡᠨ ᠶᠠᠮᠤ᠂ ᠬᠠᠮᠲᠤ ᠣᠯᠠᠨ ᠲᠠᠢ ᠪᠠᠨ ᠨᠡᠢᠢᠯᠡᠵᠦ ᠠᠦ᠋ᠲ᠋ᠣ᠋ ᠵᠠᠮ᠂ ᠲᠡᠮᠦᠷ ᠵᠠᠮ᠂ ᠣᠷᠣᠨ ᠰᠠᠭᠤᠴᠠᠨ ᠤ ᠪᠣᠳᠣᠯᠭ᠎ᠠ ᠪᠣᠯᠪᠠᠰᠤᠷᠠᠭᠤᠯᠤᠭᠰᠠᠨ ᠪᠠᠢᠢᠳᠠᠭ᠃ ᠢᠩᠭᠢᠭᠡᠳ 21 ᠠᠢᠢᠮᠠᠭ ᠢᠶᠠᠨ 6000 ᠺᠢᠯᠣᠮᠧᠲ᠋ᠷ ᠤᠷᠲᠤ ᠠᠦ᠋ᠲ᠋ᠣ᠋ ᠵᠠᠮ ᠢᠶᠠᠷ ᠬᠤᠯᠪᠤᠬᠤ ᠪᠣᠳᠣᠯᠭ᠎ᠠ 90 ᠬᠤᠪᠢ ᠲᠠᠢ ᠦᠷᠭᠦᠯᠵᠢᠯᠡᠵᠦ ᠪᠠᠢᠢᠨ᠎ᠠ᠃ ᠮᠥᠨ 100 ᠮᠢᠩᠭ᠋ᠠᠨ ᠠᠢᠢᠯ ᠤᠨ ᠣᠷᠣᠨ ᠰᠠᠭᠤᠴᠠ ᠬᠥᠲᠥᠯᠪᠦᠷᠢ ᠬᠡᠷᠡᠭᠵᠢᠵᠦ ᠳᠠᠭᠤᠰᠤᠭᠰᠠᠨ᠃ ᠲᠡᠭᠦᠨᠴᠢᠯᠡᠨ ᠮᠣᠩ᠋ᠭᠣᠯᠴᠤᠳ ᠠᠩᠬ᠎ᠠ ᠤᠳᠠᠭ᠎ᠠ ᠥᠪᠡᠷᠰᠡᠳ ᠢᠶᠡᠨ ᠲᠡᠮᠦᠷ ᠵᠠᠮ ᠤᠨ ᠪᠣᠳᠣᠯᠭ᠎ᠠ ᠪᠠᠨ ᠪᠣᠯᠪᠠᠰᠤᠷᠠᠭᠤᠯᠵᠤ᠂ 2010 ᠣᠨ ᠤ ᠵᠢᠷᠭᠤᠳᠤᠭᠠᠷ ᠰᠠᠷ᠎ᠠ ᠢᠢᠨ 24 ᠍ ᠳᠥ ᠤᠯᠤᠰ ᠤᠨ ᠶᠡᠬᠡ ᠬᠤᠷᠠᠯ ᠪᠠᠷ ᠪᠠᠲᠤᠯᠠᠭᠰᠠᠨ᠃
ᠲᠣᠪᠴᠢᠬᠠᠨ ᠲᠡᠦᠬᠡ ᠶᠠᠷᠢᠬᠤ ᠳᠤ 1947-1949 ᠣᠨ ᠤ ᠦᠶ᠎ᠡ ᠳᠥ ᠵᠥᠪᠯᠡᠯᠲᠦ ᠬᠣᠯᠪᠣᠭᠠᠲᠤ ᠤᠯᠤᠰ /ᠲᠤᠬᠠᠢ ᠢᠢᠨ ᠦᠶ᠎ᠡ ᠢᠢᠨ ᠨᠡᠷ᠎ᠡ ᠪᠡᠷ/ ᠍ ᠤᠨ ᠨᠠᠤᠢᠱᠺᠢ ᠥᠷᠲᠡᠭᠡᠨ ᠡᠴᠡ ᠤᠯᠠᠭᠠᠨᠪᠠᠭᠠᠲᠤᠷ ᠬᠣᠲᠠ ᠬᠦᠷᠲᠡᠯ᠎ᠡ 400 ᠺᠢᠯᠣᠮᠧᠲ᠋ᠷ ᠲᠡᠮᠦᠷ ᠵᠠᠮ ᠢ ᠬᠣᠶᠠᠷ ᠵᠢᠯ ᠦᠨ ᠳᠣᠲᠣᠷ᠎ᠠ ᠪᠠᠷᠢᠵᠤ ᠳᠠᠭᠤᠰᠬᠠᠭᠰᠠᠨ ᠪᠠᠢᠢᠳᠠᠭ᠃ ᠲᠤᠬᠠᠢ ᠢᠢᠨ ᠦᠶ᠎ᠡ ᠳᠥ ᠣᠷᠴᠢᠨ ᠦᠶ᠎ᠡ ᠢᠢᠨ ᠲᠡᠮᠦᠷ ᠵᠠᠮ ᠪᠠᠷᠢᠬᠤ ᠲᠧᠭᠨᠢᠭ ᠬᠡᠷᠡᠭᠰᠡᠯ ᠪᠠᠢᠢᠭ᠎ᠠ ᠦᠭᠡᠢ᠃ ᠶᠡᠬᠡᠩᠬᠢ ᠨᠢ ᠭᠠᠷ ᠠᠷᠭ᠎ᠠ ᠪᠠᠷ ᠪᠠᠷᠢᠭᠳᠠᠭᠰᠠᠨ ᠲᠤᠬᠠᠢ ᠲᠡᠦᠬᠡ ᠢᠢᠨ ᠠᠷᠬᠢᠸ᠂ ᠪᠠᠷᠢᠮᠲᠠ ᠪᠤᠢ᠃ ᠮᠥᠨ ᠤᠯᠠᠭᠠᠨᠪᠠᠭᠠᠲᠤᠷ-ᠵᠠᠮ ᠤᠨ-ᠡᠭᠦᠳᠡ ᠴᠢᠭᠯᠡᠯ ᠦᠨ 700 ᠣᠷᠴᠢᠮ ᠺᠮ ᠲᠡᠮᠦᠷ ᠵᠠᠮ ᠢ ᠪᠣᠭᠣᠨᠢ ᠬᠤᠭᠤᠴᠠᠭᠠᠨ ᠳᠤ ᠪᠠᠷᠢᠵᠤ ᠳᠠᠭᠤᠰᠬᠠᠭᠰᠠᠨ᠃ ᠳᠠᠪᠲᠠᠨ ᠬᠡᠯᠡᠬᠦ ᠳᠥ ᠣᠳᠣ ᠢᠢᠨ ᠬᠢ ᠰᠢᠭ ᠲᠡᠮᠦᠷ ᠵᠠᠮ ᠲᠠᠯᠪᠢᠬᠤ ᠮᠠᠱᠢᠨ ᠮᠧᠬᠠᠨᠢᠰᠮ᠂ ᠲᠧᠭᠨᠢᠭ ᠬᠡᠷᠡᠭᠰᠡᠯ ᠥᠨᠳᠥᠷ ᠬᠥᠭ᠍ᠵᠢᠭᠡ ᠦᠭᠡᠢ ᠪᠠᠢᠢᠭᠰᠠᠨ ᠦᠶ᠎ᠡ᠃ ᠲᠡᠢᠢᠮᠦ ᠡᠴᠡ ᠪᠢᠳᠡ ᠣᠷᠴᠢᠨ ᠦᠶ᠎ᠡ ᠢᠢᠨ ᠲᠧᠭᠨᠢᠭ ᠬᠡᠷᠡᠭᠰᠡᠯ ᠲᠡᠢ ᠡᠨᠡ ᠦᠶ᠎ᠡ ᠳᠥ 414 ᠺᠢᠯᠣᠮᠧᠲ᠋ᠷ ᠲᠡᠮᠦᠷ ᠵᠠᠮ ᠢ ᠬᠣᠶᠠᠷ ᠵᠢᠯ ᠡᠴᠡ ᠪᠣᠭᠣᠨᠢ ᠬᠤᠭᠤᠴᠠᠭᠠᠨ ᠳᠤ ᠳᠠᠭᠤᠰᠬᠠᠬᠤ ᠶᠣᠰᠣᠲᠠᠢ ᠭᠡᠳᠡᠭ ᠢ ᠴᠣᠬᠣᠨ ᠲᠡᠮᠳᠡᠭᠯᠡᠶ᠎ᠡ᠃
ᠬᠡᠳᠦᠢ ᠪᠡᠷ ᠤᠯᠤᠰ ᠤᠨ ᠶᠡᠬᠡ ᠬᠤᠷᠠᠯ ᠪᠠᠷ ᠲᠡᠮᠦᠷ ᠵᠠᠮ ᠤᠨ ᠲᠠᠯ᠎ᠠ ᠪᠠᠷ ᠪᠠᠷᠢᠮᠲᠠᠯᠠᠬᠤ ᠪᠣᠳᠣᠯᠭ᠎ᠠ ᠢᠢ 2010 ᠣᠨ ᠳᠤ ᠪᠠᠲᠤᠯᠠᠭᠰᠠᠨ ᠴᠤ ᠬᠥᠷᠥᠩᠭᠡ ᠮᠥᠩᠭᠥ ᠢᠢ ᠨᠢ ᠰᠢᠢᠳᠴᠦ ᠥᠭ᠍ᠭᠦᠯ ᠦᠭᠡᠢ ᠣᠯᠠᠨ ᠵᠢᠯ ᠠᠯᠠᠳᠠᠭᠰᠠᠨ᠃ ᠤᠯᠤᠰ ᠤᠨ ᠶᠡᠬᠡ ᠬᠤᠷᠠᠯ᠂ ᠵᠠᠰᠠᠭ ᠤᠨ ᠭᠠᠵᠠᠷ ᠤᠨ ᠲᠠᠩᠬᠢᠮ ᠳᠣᠲᠣᠷ᠎ᠠ ᠡᠨᠡ ᠪᠦᠲᠦᠭᠡᠨ ᠪᠠᠢᠢᠭᠤᠯᠤᠯᠲᠠ ᠢᠢ ᠵᠣᠭᠰᠣᠬᠤ᠂ ᠶᠠᠮᠠᠷ ᠨᠢᠭᠡ ᠪᠠᠢᠢᠳᠠᠯ ᠢᠶᠠᠷ ᠬᠤᠷᠢᠬᠤ ᠬᠦᠮᠦᠰ ᠪᠤᠢ᠃ ᠳᠣᠲᠣᠭᠠᠳᠤ ᠢᠢᠨ ᠳᠠᠢᠢᠰᠤᠨ ᠬᠦᠴᠦᠲᠡᠢ ᠪᠠᠢᠢᠨ᠎ᠠ᠃ ᠬᠠᠷᠢᠨ ᠤ᠊ ∙ ᠬᠦᠷᠦᠯᠰᠦ᠋ᠬᠡ᠂ ᠵᠠᠷᠢᠮ ᠰᠠᠢᠢᠳ ᠨᠠᠷ ᠵᠣᠷᠢᠭ ᠭᠠᠷᠭᠠᠵᠤ᠂ ᠬᠥᠷᠥᠩᠭ᠋ᠡ ᠮᠥᠩᠭᠥ ᠢᠢ ᠨᠢ ᠰᠢᠢᠳᠴᠦ ᠥᠭ᠍ᠭᠦᠭᠰᠡᠨ ᠳᠥ ᠪᠠᠶᠠᠷ ᠬᠦᠷᠭᠡᠶ᠎ᠡ᠃
ᠵᠠᠮ ᠲᠡᠭᠡᠭᠡᠪᠦᠷᠢ ᠢᠢᠨ ᠬᠥᠭ᠍ᠵᠢᠯ ᠦᠨ ᠰᠠᠢᠢᠳ ᠪ ∙ ᠡᠩᠬᠡ-ᠠᠮᠤᠭᠤᠯᠠᠩ᠂ ᠵᠠᠰᠠᠭ ᠤᠨ ᠭᠠᠵᠠᠷ ᠤᠨ ᠭᠡᠰᠢᠭᠦᠨ᠂ ᠵᠠᠰᠠᠭ ᠤᠨ ᠭᠠᠵᠠᠷ ᠤᠨ ᠬᠡᠷᠡᠭ ᠡᠷᠬᠢᠯᠡᠬᠦ ᠭᠠᠵᠠᠷ ᠤᠨ ᠳᠠᠷᠤᠭ᠎ᠠ ᠯ ∙ ᠣᠶᠤᠨ-ᠡᠷᠳᠡᠨᠢ ᠭᠡᠳ ᠵᠠᠯᠠᠭᠤ ᠰᠠᠢᠢᠳ ᠤᠳ ᠬᠦᠷᠦᠯᠴᠡᠨ ᠢᠷᠡᠵᠦ ᠭᠠᠵᠠᠷ ᠳᠡᠭᠡᠷ᠎ᠡ ᠨᠢ ᠲᠠᠨᠢᠯᠴᠠᠬᠤ ᠶᠠᠪᠤᠴᠠ ᠳᠤ ᠪᠠᠨ ᠡᠨᠡ ᠪᠦᠲᠦᠭᠡᠨ ᠪᠠᠢᠢᠭᠤᠯᠤᠯᠲᠠ ᠮᠣᠩ᠋ᠭᠣᠯ ᠤᠯᠤᠰ ᠲᠤ ᠶᠠᠮᠠᠷ ᠶᠡᠬᠡ ᠴᠢᠬᠤᠯᠠ ᠪᠤᠢ ᠭᠡᠳᠡᠭ ᠢ ᠮᠡᠳᠡᠷᠡᠭᠰᠡᠨ ᠪᠠᠢᠢᠬᠤ᠃
ᠡᠨᠡ ᠪᠣᠯ 1990 ᠣᠨ ᠠᠴᠠ ᠬᠣᠢᠢᠰᠢᠬᠢ ᠲᠣᠮᠣ ᠪᠦᠲᠦᠭᠡᠨ ᠪᠠᠢᠢᠭᠤᠯᠤᠯᠲᠠ ᠢᠢᠨ ᠱᠠᠩ ᠢ ᠲᠠᠲᠠᠵᠤ ᠪᠤᠢ ᠶᠠᠪᠤᠳᠠᠯ ᠶᠤᠮ᠃ ᠪᠦᠲᠦᠭᠡᠨ ᠪᠠᠢᠢᠭᠤᠯᠤᠯᠲᠠ ᠦᠷᠭᠦᠯᠵᠢᠯᠡᠬᠦ ᠶᠣᠰᠣᠲᠠᠢ᠃
ᠳᠠᠯᠠᠢ ᠳᠤ ᠭᠠᠷᠤᠴᠠ ᠦᠭᠡᠢ ᠮᠠᠨ ᠤ ᠤᠯᠤᠰ ᠲᠤ ᠡᠨᠡ ᠳᠡᠳ᠋ ᠪᠦᠲᠦᠴᠡ ᠡᠳ᠋ ᠍ ᠦᠨ ᠵᠠᠰᠠᠭ ᠤᠨ ᠬᠤᠪᠢ ᠳᠤ ᠠᠰᠤᠷᠤ ᠴᠢᠬᠤᠯᠠ ᠠᠴᠢ ᠬᠣᠯᠪᠣᠭᠳᠠᠯ ᠲᠠᠢ ᠶᠤᠮ᠃ ᠡᠨᠡ ᠪᠦᠲᠦᠭᠡᠨ ᠪᠠᠢᠢᠭᠤᠯᠤᠯᠲᠠ ᠢᠢᠨ ᠬᠥᠷᠥᠩᠭᠡ᠂ ᠮᠥᠩᠭᠥ ᠢᠢ ᠰᠢᠢᠳᠴᠦ ᠪᠠᠢᠢᠭ᠎ᠠ 《ᠡᠷᠳᠡᠨᠢᠰ-ᠲᠠᠪᠤᠨ ᠲᠣᠯᠣᠭᠠᠢ》 ᠬᠤᠪᠢᠴᠠᠭᠠᠲᠤ ᠺᠣᠮᠫᠠᠨᠢ ᠢ 2015 ᠣᠨ ᠳᠤ ᠤᠯᠤᠰ ᠲᠥᠷᠥ᠂ ᠪᠢᠽᠢᠨ᠋᠋ᠧᠰ ᠦᠨ ᠪᠦᠯᠦᠭᠯᠡᠯ ᠨᠡᠢᠢᠯᠡᠭᠡᠳ ᠤᠷᠳᠤ ᠬᠥᠷᠰᠢ ᠳᠥ 100 ᠵᠢᠯ ᠢᠶᠡᠷ ᠨᠢ ᠥᠭ᠍ᠬᠦ ᠭᠡᠵᠦ ᠪᠠᠢᠢᠭᠰᠠᠨ ᠢ ᠲᠠ ᠪᠦᠬᠦᠨ ᠮᠡᠳᠡᠵᠦ ᠪᠤᠢ ᠪᠠᠢᠢᠬᠤ᠃ ᠭᠠᠵᠠᠷ ᠨᠤᠲᠤᠭ ᠲᠠᠢ ᠨᠢ᠂ ᠪᠠᠶᠠᠯᠢᠭ ᠲᠠᠢ ᠨᠢ ᠤᠷᠳᠤ ᠬᠥᠷᠰᠢ ᠳᠥ ᠥᠭ᠍ᠬᠦ ᠭᠡᠵᠦ ᠪᠠᠢᠢᠭᠰᠠᠨ ᠺᠣᠮᠫᠠᠨᠢ ᠠᠰᠢᠭᠲᠠᠢ ᠠᠵᠢᠯᠯᠠᠭᠠᠳ 2018 ᠣᠨ ᠤ ᠠᠰᠢᠭ ᠠᠴᠠ ᠪᠠᠨ ᠡᠨᠡ ᠪᠦᠲᠦᠭᠡᠨ ᠪᠠᠢᠢᠭᠤᠯᠤᠯᠲᠠ ᠳᠤ ᠬᠥᠷᠥᠩᠡ ᠣᠷᠣᠭᠤᠯᠵᠤ ᠪᠠᠢᠢᠨ᠎ᠠ᠃
ᠡᠨᠡ ᠬᠥᠷᠥᠩᠭ᠋ᠡ ᠣᠷᠣᠭᠤᠯᠤᠯᠲᠠ ᠭᠠᠳᠠᠨ᠎ᠠ ᠢᠢᠨ ᠸᠠᠯᠶᠦ᠋ᠲ ᠪᠢᠰᠢ᠂ ᠬᠦ ᠢᠢᠨ ᠳᠠᠷᠤᠮᠲᠠ ᠦᠭᠡᠢ᠂ ᠭᠠᠳᠠᠭᠠᠳᠤ ᠠᠵᠢᠯᠲᠠᠨ ᠦᠭᠡᠢ᠂ ᠪᠢᠳᠡᠨ ᠦ ᠥᠪᠡᠷᠰᠡᠳ ᠦᠨ ᠣᠯᠤᠭᠰᠠᠨ ᠣᠷᠣᠯᠭ᠎ᠠ ᠶᠤᠮ᠃ ᠡᠨᠡ ᠪᠦᠲᠦᠭᠡᠨ ᠪᠠᠢᠢᠭᠤᠯᠤᠯᠲᠠ ᠳᠤ ᠣᠷᠣᠯᠴᠠᠵᠤ ᠪᠠᠢᠢᠭ᠎ᠠ ᠪᠡᠶ᠎ᠡ ᠪᠦᠷᠢᠯᠳᠦᠬᠦᠨ ᠴᠠᠯᠢᠩ ᠠᠪᠴᠤ᠂ ᠲᠡᠳᠡᠨ ᠦ ᠡᠮᠦᠰᠴᠦ ᠵᠡᠭᠦᠬᠦ᠂ ᠢᠳᠡᠬᠦ ᠬᠣᠭᠣᠯᠠ ᠬᠦᠨᠡᠰᠦ ᠭᠡᠳ ᠪᠦᠭᠦᠳᠡ ᠢᠢ ᠳᠣᠲᠣᠭᠠᠳᠤ ᠠᠴᠠ ᠠᠪᠴᠤ ᠪᠠᠢᠢᠨ᠎ᠠ᠃ ᠡᠨᠡ ᠪᠣᠯ ᠪᠢᠳᠡ ᠥᠪᠡᠷᠰᠡᠳ ᠲᠥ ᠪᠡᠨ ᠥᠭᠴᠦ ᠪᠤᠢ ᠦᠷ᠎ᠡ ᠥᠭ᠍ᠭᠦᠭᠡᠵᠢ ᠶᠤᠮ᠃
ᠪᠢᠳᠡ ᠬᠢᠵᠦ ᠪᠦᠲᠦᠭᠡᠵᠦ ᠴᠢᠳᠠᠳᠠᠭ ᠦᠭᠡᠢ ᠢᠢᠨ ᠵᠢᠱᠢᠶ᠎ᠡ ᠪᠠᠢᠢᠬᠤ ᠶᠣᠰᠣ ᠦᠭᠡᠢ᠃ ᠡᠨᠡ ᠪᠦᠲᠦᠭᠡᠨ ᠪᠠᠢᠢᠭᠤᠯᠤᠯᠲᠠ ᠪᠠᠷ ᠢᠶᠠᠨ ᠬᠢᠵᠦ ᠪᠦᠲᠦᠭᠡᠵᠦ ᠴᠢᠳᠠᠳᠠᠭ ᠤᠨ ᠵᠢᠱᠢᠭ ᠪᠣᠯᠬᠤ ᠶᠣᠰᠣᠲᠠᠢ᠃
ᠪᠠᠶᠠᠷᠯᠠᠯ᠎ᠠ ᠲᠠ ᠪᠦᠬᠦᠨ ᠳᠥ》 ᠭᠡᠯᠡ᠃
ᠨᠡᠭᠡᠭᠡᠯᠲᠡ ᠢᠢᠨ ᠶᠣᠰᠣᠯᠠᠯ ᠳᠤ ᠮᠣᠩ᠋ᠭᠣᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠺᠣᠮᠠᠨ᠋ᠳᠠᠯᠠᠭᠴᠢ ᠬ ∙ ᠪᠠᠲᠤᠲᠤᠯᠭ᠎ᠠ᠂ ᠵᠠᠮ ᠲᠡᠭᠡᠭᠡᠪᠦᠷᠢ ᠢᠢᠨ ᠬᠥᠭ᠍ᠵᠢᠯ ᠦᠨ ᠰᠠᠢᠢᠳ ᠪ ∙ ᠡᠩᠬᠡ-ᠠᠮᠤᠭᠤᠯᠠᠩ᠂ ᠵᠠᠰᠠᠭ ᠤᠨ ᠭᠠᠵᠠᠷ ᠤᠨ ᠭᠡᠰᠢᠭᠦᠨ᠂ ᠵᠠᠰᠠᠭ ᠤᠨ ᠭᠠᠵᠠᠷ ᠤᠨ ᠬᠡᠷᠡᠭ ᠡᠷᠬᠢᠯᠡᠬᠦ ᠭᠠᠵᠠᠷ ᠦᠨ ᠳᠠᠷᠤᠭ᠎ᠠ ᠯ ∙ ᠣᠶᠤᠨ-ᠡᠷᠳᠡᠨᠢ᠂ ᠤᠯᠤᠰ ᠤᠨ ᠶᠡᠬᠡ ᠬᠤᠷᠠᠯ ᠢᠢᠨ ᠭᠡᠰᠢᠭᠦᠨ ᠪ ∙ ᠳᠡᠯᠭᠡᠷᠰᠠᠢᠢᠬᠠᠨ᠂ ᠵᠡᠪᠰᠡᠭᠲᠦ ᠬᠦᠴᠦᠨ ᠦ ᠵᠠᠩᠵᠤᠨ ᠱᠲ᠋ᠠᠪ ᠤᠨ ᠳᠠᠷᠤᠭ᠎ᠠ᠂ ᠬᠣᠰᠢᠭᠤᠴᠢ ᠭᠧᠨᠧᠷᠠᠯ ᠠ᠊ ∙ ᠭᠠᠩᠪᠠᠲᠤ ᠨᠠᠷ ᠤᠨ ᠠᠯᠪᠠᠨ ᠤ ᠬᠦᠮᠦᠰ ᠣᠷᠣᠯᠴᠠᠭᠰᠠᠨ ᠪᠥᠭᠡᠳ ᠨᠡᠭᠡᠭᠡᠯᠲᠡ ᠢᠢᠨ ᠲᠡᠭᠦᠰᠬᠡᠯ ᠳᠥ ᠵᠠᠮ ᠠᠩᠬᠢ ᠢᠢᠨ ᠲᠧᠭᠨᠢᠭ ᠬᠥᠷᠥᠰᠥ ᠬᠥᠨᠳᠡᠨ ᠲᠡᠮᠦᠷ ᠵᠠᠮ ᠤᠨ ᠠᠵᠢᠯ ᠢ ᠡᠬᠢᠯᠡᠭᠦᠯᠦᠯ᠎ᠡ᠃