Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠨᠧᠹᠲ ᠪᠣᠯᠪᠠᠰᠤᠷᠠᠭᠤᠯᠬᠤ ᠦᠢᠯᠡᠳᠪᠦᠷᠢ ᠢᠢᠨ ᠳᠡᠳ᠋ ᠪᠦᠲᠦᠴᠡ ᠢᠢᠨ ᠠᠵᠢᠯ ᠤᠨ ᠶᠠᠪᠤᠴᠠ ᠲᠠᠢ ᠲᠠᠨᠢᠯᠴᠠᠯ᠎ᠠ

ᠳᠣᠷᠣᠨᠠᠭᠣᠪᠢ ᠠᠢᠢᠮᠠᠭ ᠲᠤ ᠠᠵᠢᠯᠯᠠᠵᠤ ᠪᠠᠢᠢᠭ᠎ᠠ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠥᠨᠥᠳᠥᠷ ᠦᠳᠡ ᠡᠴᠡ ᠬᠣᠢᠢᠰᠢ ᠲᠤᠰ ᠠᠢᠢᠮᠠᠭ ᠤᠨ ᠠᠯᠲᠠᠨᠰᠢᠷᠡᠭᠡ ᠰᠤᠮᠤ ᠢᠢᠨ ᠨᠤᠲᠤᠭ ᠲᠤ ᠪᠠᠷᠢᠭᠳᠠᠵᠤ ᠪᠠᠢᠢᠭ᠎ᠠ ᠨᠧᠹᠲ ᠪᠣᠯᠪᠠᠰᠤᠷᠠᠭᠤᠯᠬᠤ ᠦᠢᠯᠡᠳᠪᠦᠷᠢ ᠢᠢᠨ ᠳᠡᠳ᠋ ᠪᠦᠲᠦᠴᠡ ᠢᠢᠨ ᠠᠵᠢᠯ ᠤᠨ ᠶᠠᠪᠤᠴᠠ ᠲᠠᠢ ᠲᠠᠨᠢᠯᠴᠠᠯ᠎ᠠ᠃

ᠠᠯᠲᠠᠨᠰᠢᠷᠡᠭᠡ ᠰᠤᠮᠤᠨ ᠳᠤ ᠭᠠᠵᠠᠷ ᠤᠨ ᠲᠣᠰᠤᠨ ᠤ ᠪᠣᠯᠪᠠᠰᠤᠷᠠᠭᠤᠯᠬᠤ ᠦᠢᠯᠡᠳᠪᠦᠷᠢ ᠪᠠᠢᠢᠭᠤᠯᠬᠤ ᠠᠵᠢᠯ ᠢ 2018 ᠣᠨ ᠤ ᠵᠢᠷᠭᠤᠳᠤᠭᠠᠷ ᠰᠠᠷ᠎ᠠ ᠢᠢᠨ 22 ᠍ ᠤ ᠡᠳᠦᠷ ᠡᠬᠢᠯᠡᠭᠦᠯᠵᠦ᠂ ᠳᠡᠳ᠋ ᠪᠦᠲᠦᠴᠡ ᠢᠢᠨ ᠠᠵᠢᠯ ᠤᠨ ᠰᠠᠭᠤᠷᠢ ᠢᠢ ᠲᠠᠯᠪᠢᠵᠤ ᠪᠠᠢᠢᠭᠰᠠᠨ ᠪᠣᠯ ᠡᠨᠡ ᠰᠠᠷ᠎ᠠ ᠢᠢᠨ 24 ᠍ ᠦ ᠡᠳᠦᠷ ᠰᠠᠢᠢᠨᠱᠠᠩᠳᠠ ᠠᠴᠠ ᠨᠧᠹᠲ ᠪᠣᠯᠪᠠᠰᠤᠷᠠᠭᠤᠯᠬᠤ ᠦᠢᠯᠡᠳᠪᠦᠷᠢ ᠬᠦᠷᠲᠡᠯᠡᠬᠢ 27 ᠺᠢᠯᠣᠮᠧᠲ᠋ᠷ ᠲᠡᠮᠦᠷ ᠵᠠᠮ ᠢ ᠪᠠᠷᠢᠵᠤ ᠳᠠᠭᠤᠰᠬᠠᠭᠰᠠᠨ ᠲᠠᠯ᠎ᠠ ᠪᠠᠷ 《ᠤᠯᠠᠭᠠᠨᠪᠠᠭᠠᠲᠤᠷ ᠲᠡᠮᠦᠷ ᠵᠠᠮ》 ᠬᠤᠪᠢ ᠨᠡᠢᠢᠯᠡᠭᠦᠯᠦᠭᠰᠡᠨ ᠨᠡᠢᠢᠬᠡᠮᠯᠢᠭ᠌ ᠍ ᠦᠨ ᠳᠠᠷᠤᠭ᠎ᠠ ᠳ ∙ ᠵᠢᠭᠵᠢᠳᠨᠢᠮ᠎ᠠ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠳᠤ ᠲᠠᠨᠢᠯᠴᠠᠭᠤᠯᠪᠠ᠃

27 ᠺᠢᠯᠣᠮᠧᠲ᠋ᠷ ᠤᠷᠲᠤ ᠤᠭ ᠵᠠᠮ ᠤᠨ ᠭᠠᠵᠠᠷ ᠰᠢᠷᠣᠢ᠂ ᠳᠠᠯᠠᠩ ᠤᠨ ᠠᠵᠢᠯ ᠤᠨ ᠲᠤᠰᠠᠯᠠᠨ ᠭᠦᠢᠴᠡᠳᠬᠡᠭ᠍ᠴᠢ ᠪᠡᠷ ᠳᠣᠲᠣᠭᠠᠳᠤ ᠢᠢᠨ ᠳᠥᠷᠪᠡᠨ ᠺᠣᠮᠫᠠᠨᠢ ᠠᠵᠢᠯᠯᠠᠭᠰᠠᠨ ᠪᠣᠯ 《ᠤᠯᠠᠭᠠᠨᠪᠠᠭᠠᠲᠤᠷ ᠲᠡᠮᠦᠷ ᠵᠠᠮ》ᠬᠤᠪᠢ ᠨᠡᠢᠢᠯᠡᠭᠦᠯᠦᠭᠰᠡᠨ ᠨᠡᠢᠢᠬᠡᠮᠯᠢᠭ᠌ ᠬᠦᠨᠳᠦ ᠵᠢᠩ ᠲᠡᠢ᠂ ᠤᠷᠲᠤ ᠪᠦᠷᠢᠯᠳᠦᠬᠦᠨ ᠲᠡᠢ ᠭᠠᠯᠲᠤ ᠲᠡᠷᠭᠡ ᠳᠠᠮᠵᠢᠨ ᠥᠩᠭᠡᠷᠡᠬᠦ ᠲᠡᠮᠦᠷ ᠵᠠᠮ ᠤᠨ ᠶᠡᠷᠦᠩᠬᠡᠢ ᠭᠦᠢᠴᠡᠳᠬᠡᠭ᠍ᠴᠢ ᠪᠡᠷ ᠠᠵᠢᠯᠯᠠᠵᠠᠢ᠃

《ᠤᠯᠠᠭᠠᠨᠪᠠᠭᠠᠲᠤᠷ ᠲᠡᠮᠦᠷ ᠵᠠᠮ》ᠬᠤᠪᠢ ᠨᠡᠢᠢᠯᠡᠭᠦᠯᠦᠭᠰᠡᠨ ᠨᠡᠢᠢᠬᠡᠮᠯᠢᠭ᠌ ᠍ ᠦᠨ ᠳᠠᠷᠤᠭ᠎ᠠ ᠲ ∙ ᠵᠢᠭᠵᠢᠳᠨᠢᠮ᠎ᠠ ᠢᠢᠨ ᠥᠭ᠍ᠭᠦᠭ᠍ᠰᠡᠨ ᠮᠡᠳᠡᠭᠡᠯᠡᠯ ᠢᠶᠡᠷ ᠡᠨᠡ ᠬᠦ ᠵᠠᠮ ᠨᠢ ᠮᠠᠨ ᠤ ᠤᠯᠤᠰ ᠤᠨ ᠰᠢᠲᠠᠬᠤᠨ ᠤ ᠬᠡᠷᠡᠭᠴᠡᠭᠡ ᠢᠢ ᠬᠠᠩ᠋ᠭᠠᠬᠤ ᠴᠢᠬᠤᠯᠠ ᠡᠭᠦᠷᠭᠡ ᠲᠡᠢ ᠲᠡᠮᠦᠷ ᠵᠠᠮ ᠪᠣᠯᠬᠤ ᠠᠴᠠ ᠭᠠᠳᠠᠨ᠎ᠠ ᠵᠡᠭᠦᠨ ᠲᠡᠰᠢ ᠦᠷᠭᠦᠯᠵᠢᠯᠡᠭᠦᠯᠦᠨ ᠪᠠᠷᠢᠬᠤ ᠬᠡᠪᠲᠡᠭᠡ ᠲᠡᠩᠬᠡᠯᠢᠭ᠌ ᠦᠨ ᠲᠡᠮᠦᠷ ᠵᠠᠮ ᠤᠨ ᠡᠬᠢᠯᠡᠯ ᠪᠣᠯᠵᠤ ᠪᠠᠢᠢᠨ᠎ᠠ᠃

ᠣᠳᠣ ᠲᠤᠰ ᠭᠠᠵᠠᠷ ᠲᠤ ᠲᠡᠮᠦᠷ ᠵᠠᠮ ᠢ ᠳᠠᠭᠠᠭᠰᠠᠨ ᠠᠦ᠋ᠲ᠋ᠣ᠋ ᠵᠠᠮ᠂ ᠠᠭᠠᠷ ᠤᠨ ᠱᠤᠭᠤᠮ ᠵᠡᠷᠭᠡ ᠳᠡᠳ᠋ ᠪᠦᠲᠦᠴᠡ ᠢᠢᠨ ᠠᠵᠢᠯ ᠤᠳ ᠦᠷᠭᠦᠯᠵᠢᠯᠡᠬᠦ ᠪᠥᠭᠡᠳ ᠰᠠᠢᠢᠨᠱᠠᠩᠳᠠ-ᠵᠠᠮ ᠤᠨ-ᠡᠭᠦᠳᠡ ᠴᠢᠭᠯᠡᠯ ᠦᠨ ᠤᠯᠤᠰ ᠤᠨ ᠴᠢᠨᠠᠷᠲᠠᠢ ᠬᠠᠲᠠᠭᠤ ᠬᠤᠴᠢᠯᠲᠠ ᠲᠠᠢ ᠠᠦ᠋ᠲ᠋ᠣ᠋ ᠵᠠᠮ ᠤᠨ ᠰᠠᠢᠢᠨᠱᠠᠩᠳᠠ ᠰᠤᠮᠤ ᠤᠷᠤᠭᠤ ᠰᠠᠯᠢᠰᠤᠨ ᠳᠥᠷᠪᠡᠨ ᠵᠠᠮ ᠤᠨ ᠠᠭᠤᠯᠵᠠᠪᠤᠷᠢ ᠠᠴᠠ ᠨᠧᠹᠲ ᠪᠣᠯᠪᠠᠰᠤᠷᠠᠭᠤᠯᠬᠤ ᠦᠢᠯᠡᠳᠪᠦᠷᠢ ᠬᠦᠷᠲᠡᠯᠡᠬᠢ ᠬᠦᠨᠳᠦ ᠳᠠᠭᠠᠭᠠᠴᠠ ᠢᠢᠨ᠂ ᠲᠤᠰᠬᠠᠢ ᠵᠣᠷᠢᠭᠤᠯᠤᠯᠲᠠ ᠢᠢᠨ 18.8 ᠺᠢᠯᠣᠮᠧᠲ᠋ᠷ ᠠᠦ᠋ᠲ᠋ᠣ᠋ ᠵᠠᠮ ᠤᠨ ᠠᠵᠢᠯ ᠢ ᠵᠡᠪᠰᠡᠭᠲᠦ ᠬᠦᠴᠦᠨ ᠦ 7780 ᠍ ᠳᠦᠭᠡᠷ ᠠᠩᠬᠢ ᠢᠢᠨ ᠪᠡᠶ᠎ᠡ ᠪᠦᠷᠢᠯᠳᠦᠬᠦᠨ ᠭᠦᠢᠴᠡᠳᠭᠡᠵᠦ ᠪᠠᠢᠢᠭ᠎ᠠ ᠶᠤᠮ᠃

ᠵᠡᠪᠰᠡᠭᠲᠦ ᠬᠦᠴᠦᠨ ᠦ ᠵᠠᠩᠵᠤᠨ ᠱᠲ᠋ᠠᠪ ᠤᠨ ᠳᠠᠷᠤᠭ᠎ᠠ ᠠ᠊ ∙ ᠭᠠᠩᠪᠠᠲᠤ ᠢᠢᠨ ᠥᠭ᠍ᠭᠦᠭ᠍ᠰᠡᠨ ᠮᠡᠳᠡᠭᠡᠯᠡᠯ ᠢᠶᠡᠷ ᠵᠡᠪᠰᠡᠭᠲᠦ ᠬᠦᠴᠦᠨ ᠦ 7780 ᠍ ᠳᠦᠭᠡᠷ ᠠᠩᠬᠢ ᠢᠢᠨ 189 ᠴᠡᠷᠢᠭ ᠦᠨ ᠠᠯᠪᠠ ᠬᠠᠭᠠᠭᠴᠢ ᠠᠯᠲᠠᠨᠰᠢᠷᠡᠭᠡ ᠰᠤᠮᠤᠨ ᠳᠤ ᠠᠵᠢᠯᠯᠠᠵᠤ ᠪᠠᠢᠢᠭ᠎ᠠ ᠪᠥᠭᠡᠳ ᠬᠤᠭᠤᠴᠠᠭᠠᠳᠤ ᠴᠡᠷᠢᠭ ᠦᠨ ᠠᠯᠪᠠ ᠬᠠᠭᠠᠭᠴᠢᠳ ᠢ ᠡᠪᠦᠯ ᠦᠨ ᠰᠤᠷᠭᠠᠯᠲᠠ ᠳᠤ ᠰᠤᠷᠭᠠᠨ᠂ ᠪᠦᠲᠦᠭᠡᠨ ᠪᠠᠢᠢᠭᠤᠯᠤᠯᠲᠠ ᠢᠢᠨ ᠠᠵᠢᠯ ᠳᠤ ᠣᠷᠤᠯᠴᠠᠭᠤᠯᠵᠤ ᠪᠠᠢᠢᠭ᠎ᠠ ᠶᠤᠮ ᠪᠠᠢᠢᠨ᠎ᠠ᠃

ᠥᠨᠥᠳᠥᠷ ᠦᠨ ᠪᠠᠢᠢᠳᠠᠯ ᠢᠶᠠᠷ ᠠᠦ᠋ᠲ᠋ᠣ᠋ ᠵᠠᠮ ᠤᠨ ᠭᠠᠵᠠᠷ ᠰᠢᠷᠤᠢᠢᠨ ᠤ ᠠᠵᠢᠯ ᠳᠠᠭᠤᠰᠴᠤ᠂ ᠬᠤᠴᠢᠯᠲᠠ ᠢᠢᠨ ᠠᠵᠢᠯ ᠡᠬᠢᠯᠡᠵᠡᠢ᠃

ᠡᠨᠡ ᠦᠶ᠎ᠡ ᠪᠡᠷ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠵᠡᠪᠰᠡᠭᠲᠦ ᠬᠦᠴᠦᠨ ᠦ 7780 ᠍ ᠳᠦᠭᠠᠷ ᠠᠩᠬᠢ ᠢᠢᠨ ᠬᠤᠸᠠᠷᠠᠨ ᠢᠶᠠᠷ ᠣᠷᠣᠵᠤ᠂ ᠪᠡᠶ᠎ᠡ ᠪᠦᠷᠢᠯᠳᠦᠬᠦᠨ ᠳᠦ ᠠᠵᠢᠯ ᠤᠨ ᠠᠮᠵᠢᠯᠲᠠ ᠬᠦᠰᠡᠵᠦ᠂ ᠦᠭᠡ ᠬᠡᠯᠡᠭᠰᠡᠨ ᠶᠤᠮ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠬᠡᠯᠡᠭᠰᠡᠨ ᠦᠭᠡᠨ ᠳᠥ ᠪᠡᠨ 《…ᠡᠷ᠎ᠡ ᠴᠡᠷᠢᠭ ᠦᠨ ᠠᠯᠪᠠ ᠪᠠᠷ ᠳᠠᠮᠵᠢᠭᠤᠯᠤᠨ ᠪᠡᠶ᠎ᠡ ᠪᠢᠯᠳᠠᠷ ᠤᠨ ᠬᠥᠭ᠍ᠵᠢᠯ᠂ ᠡᠬᠡ ᠣᠷᠣᠨᠴᠢ ᠰᠡᠳᠬᠢᠯ ᠰᠠᠭᠤᠯᠭᠠᠬᠤ ᠠᠴᠠ ᠭᠠᠳᠠᠨ᠎ᠠ ᠠᠵᠢᠯ᠂ ᠮᠡᠷᠭᠡᠵᠢᠯ ᠲᠡᠢ ᠪᠣᠯᠭᠠᠵᠤ᠂ ᠤᠯᠤᠰ ᠤᠨ ᠪᠦᠲᠦᠭᠡᠨ ᠪᠠᠢᠢᠭᠤᠯᠤᠯᠲᠠ ᠢᠢᠨ ᠠᠵᠢᠯ ᠳᠤ ᠴᠠᠯᠢᠩ ᠲᠠᠢ ᠪᠠᠷ ᠣᠷᠤᠯᠴᠠᠭᠤᠯᠵᠤ ᠪᠠᠢᠢᠨ᠎ᠠ᠃ ᠳᠡᠳ᠋ ᠪᠦᠲᠦᠴᠡ᠂ ᠬᠥᠭ᠍ᠵᠢᠯ ᠦᠨ ᠪᠣᠳᠣᠯᠭ᠎ᠠ᠂ ᠢᠯᠠᠩ᠋ᠭᠤᠶ᠎ᠠ ᠭᠣᠪᠢ ᠢᠢᠨ ᠪᠥᠰᠡ ᠳᠥ ᠥᠷᠨᠢᠵᠦ ᠪᠤᠢ ᠪᠦᠲᠦᠭᠡᠨ ᠪᠠᠢᠢᠭᠤᠯᠤᠯᠲᠠ ᠢᠢᠨ ᠠᠵᠢᠯ ᠢ ᠬᠠᠷᠠᠬᠤ ᠳᠤ ᠰᠡᠳᠬᠢᠯ ᠥᠨᠳᠥᠷ ᠪᠠᠢᠢᠨ᠎ᠠ᠃ ᠪᠦᠲᠦᠭᠡᠨ ᠪᠠᠢᠢᠭᠤᠯᠤᠯᠲᠠ ᠢᠢᠨ ᠠᠵᠢᠯ ᠤᠳ ᠰᠠᠭᠠᠳ ᠦᠭᠡᠢ ᠥᠷᠨᠢᠵᠦ᠂ ᠴᠢᠨᠠᠭᠰᠢᠳᠠ ᠦᠷᠭᠦᠯᠵᠢᠯᠡᠨ᠎ᠡ ᠭᠡᠳᠡᠭ ᠢ ᠲᠠ ᠪᠦᠬᠦᠨ ᠪᠠᠲᠤᠯᠠᠨ ᠬᠠᠷᠠᠭᠤᠯᠵᠤ ᠪᠠᠢᠢᠨ᠎ᠠ》 ᠭᠡᠳ ᠪᠡᠶ᠎ᠡ ᠪᠦᠷᠢᠯᠳᠦᠬᠦᠨ ᠳᠥ ᠲᠠᠯᠠᠷᠬᠠᠯ ᠢᠯᠡᠷᠬᠡᠢᠢᠯᠡᠯ᠎ᠡ᠃