Та "Internet explorer"-ийн сүүлийн хувилбар болох "Microsoft edge"-г ашиглана уу

Хэрэв "Microsoft edge"-г татах бол энд дарж татаж авна уу

《ᠠᠽᠢᠶ᠎ᠠ ᠢᠢᠨ ᠬᠡᠦᠬᠡᠳ ᠦᠳ-2020》᠂ ᠵᠡᠭᠦᠨ ᠠᠽᠢᠶ᠎ᠠ ᠢᠢᠨ ᠵᠠᠯᠠᠭᠤᠴᠤᠳ ᠤᠨ 2023 ᠣᠨ ᠤ ᠨᠠᠭᠠᠳᠤᠮ ᠤᠨ ᠲᠣᠰᠬᠣᠨ ᠤ ᠪᠦᠲᠦᠭᠡᠨ ᠪᠠᠢᠢᠭᠤᠯᠤᠯᠲᠠ ᠢᠢᠨ ᠵᠠᠷᠢᠮ ᠠᠰᠠᠭᠤᠳᠠᠯ ᠢ ᠰᠢᠢᠳᠪᠦᠷᠢᠯᠡᠬᠦ ᠪᠡᠷ ᠶᠠᠷᠢᠯᠴᠠᠪᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ᠂ ᠮᠣᠩ᠋ᠭᠣᠯ ᠤᠯᠤᠰ ᠤᠨ ᠶᠡᠷᠦᠩᠬᠡᠢ ᠰᠠᠢᠢᠳ ᠤ᠊ ∙ ᠬᠦᠷᠦᠯᠰᠦ᠋ᠬᠡ᠂ ᠪᠠᠢᠢᠭᠠᠯᠢ ᠣᠷᠴᠢᠨ᠂ ᠠᠶᠠᠯᠠᠯ ᠵᠢᠭᠤᠯᠴᠢᠯᠠᠯ᠍ ᠤᠨ ᠰᠠᠢᠢᠳ ᠨ ∙ ᠴᠡᠷᠢᠩᠪᠠᠲᠤ᠂ ᠪᠣᠯᠪᠠᠰᠤᠷᠠᠯ᠂ ᠰᠤᠶᠤᠯ᠂ ᠰᠢᠨᠵᠢᠯᠡᠬᠦ ᠤᠬᠠᠭᠠᠨ᠂ ᠰᠫᠣᠷᠲ ᠤᠨ ᠰᠠᠢᠢᠳ ᠶᠣ᠊ ∙ ᠪᠠᠭᠠᠲᠤᠷᠪᠢᠯᠢᠭ᠌᠂ ᠨᠡᠢᠢᠰᠯᠡᠯ ᠦᠨ ᠵᠠᠰᠠᠭ ᠳᠠᠷᠤᠭ᠎ᠠ ᠪᠥᠭᠡᠳ ᠤᠯᠠᠭᠠᠨᠪᠠᠭᠠᠲᠤᠷ ᠬᠣᠲᠠ ᠢᠢᠨ ᠵᠠᠬᠢᠷᠤᠭᠴᠢ ᠰ ∙ ᠠᠮᠤᠷᠰᠠᠢᠢᠬᠠᠨ ᠨᠠᠷ ᠮᠣᠩ᠋ᠭᠣᠯ-ᠺᠦᠸᠧᠢᠢᠲ ᠤᠨ ᠰᠤᠳᠤᠯᠭᠠᠨ ᠤ ᠲᠥᠪ ᠲᠥ ᠠᠵᠢᠯᠯᠠᠭᠰᠠᠨ ᠤ ᠪᠠᠨ ᠳᠠᠷᠠᠭ᠎ᠠ 《ᠠᠽᠢᠶ᠎ᠠ ᠢᠢᠨ ᠬᠡᠦᠬᠡᠳ ᠦᠳ-2020》᠂ ᠵᠡᠭᠦᠨ ᠠᠽᠢᠶ᠎ᠠ ᠢᠢᠨ ᠵᠠᠯᠠᠭᠤᠴᠤᠳ ᠤᠨ 2023 ᠣᠨ ᠤ ᠨᠠᠭᠠᠳᠤᠮ ᠤᠨ ᠲᠣᠰᠬᠣᠨ ᠤ ᠪᠦᠲᠦᠭᠡᠨ ᠪᠠᠢᠢᠭᠤᠯᠤᠯᠲᠠ ᠢᠢᠨ ᠶᠠᠪᠤᠴᠠ ᠲᠠᠢ ᠲᠠᠨᠢᠯᠴᠠᠵᠤ᠂ ᠵᠠᠷᠢᠮ ᠠᠰᠠᠭᠤᠳᠠᠯ ᠢ ᠰᠢᠢᠳᠪᠦᠷᠢᠯᠡᠬᠦ ᠪᠡᠷ ᠶᠠᠷᠢᠯᠴᠠᠪᠠ᠃

ᠬᠠᠨ-ᠠᠭᠤᠯᠠ ᠳᠡᠭᠦᠷᠭᠡ ᠢᠢᠨ 8 ᠍ ᠳᠦᠭᠠᠷ ᠬᠣᠷᠢᠶ᠎ᠠ᠂ 《ᠪᠤᠶᠠᠨᠲᠤ-ᠬᠤᠸᠠ》 ᠰᠫᠣᠷᠲ ᠴᠣᠭᠴᠠᠯᠠᠪᠤᠷᠢ ᠢᠢᠨ ᠡᠰᠡᠷᠭᠦ ᠲᠠᠯ᠎ᠠ ᠳᠤ ᠰᠫᠣᠷᠲ ᠤᠨ ᠨᠠᠭᠠᠳᠤᠮ ᠤᠨ ᠲᠣᠰᠬᠣᠨ ᠤ ᠪᠦᠲᠦᠭᠡᠨ ᠪᠠᠢᠢᠭᠤᠯᠤᠯᠲᠠ ᠬᠤᠪᠢᠶᠠᠷᠢ ᠢᠢᠨ ᠳᠠᠭᠠᠭᠤ ᠦᠷᠭᠦᠯᠵᠢᠯᠡᠵᠦ ᠪᠠᠢᠢᠭ᠎ᠠ ᠪᠥᠭᠡᠳ ᠪᠢᠲᠡᠭᠦᠦ ᠳᠡᠭᠡᠪᠦᠷ ᠲᠡᠢ ᠣᠷᠳᠣᠨ᠂ ᠤᠰᠤᠨ ᠪᠠᠰᠰᠧᠢᠨ᠂ ᠬᠥᠯ ᠪᠥᠮᠪᠥᠭᠡ ᠢᠢᠨ ᠲᠠᠯᠠᠪᠠᠢ ᠪᠠᠷᠢᠬᠤ ᠠᠵᠢᠯ ᠤᠳ ᠬᠢᠭ᠍ᠳᠡᠵᠦ ᠪᠠᠢᠢᠨ᠎ᠠ᠃

ᠲᠤᠬᠠᠢᠢᠯᠠᠪᠠᠯ᠂ ᠮᠣᠩ᠋ᠭᠣᠯ ᠤᠨ ᠬᠥᠯ ᠪᠥᠮᠪᠥᠭᠡ ᠢᠢᠨ ᠬᠣᠯᠪᠣᠭᠠᠨ ᠤ ᠶᠡᠷᠦᠩᠬᠡᠢ ᠨᠠᠷᠢᠨ ᠪᠢᠴᠢᠭ᠌ ᠦᠨ ᠳᠠᠷᠤᠭ᠎ᠠ ᠥ᠊ ∙ ᠰᠢᠵᠢᠷ ᠦᠨ ᠲᠠᠨᠢᠯᠴᠠᠭᠤᠯᠤᠭᠰᠠᠨ ᠢᠶᠠᠷ 115 ᠮ * 85 ᠮ ᠬᠡᠮᠵᠢᠶ᠎ᠡ ᠲᠡᠢ ᠨᠣᠭᠣᠭᠠᠨ ᠵᠦᠯᠭᠡᠨ ᠲᠠᠯᠠᠪᠠᠢ ᠢᠢᠨ ᠠᠵᠢᠯ ᠬᠤᠪᠢᠶᠠᠷᠢ ᠢᠢᠨ ᠳᠠᠭᠠᠭᠤ ᠦᠷᠭᠦᠯᠵᠢᠯᠡᠵᠦ᠂ ᠲᠣᠨᠣᠭ ᠲᠥᠬᠥᠭᠡᠷᠦᠮᠵᠢ ᠤᠭᠰᠠᠷᠠᠬᠤ ᠱᠠᠲᠤᠨ ᠳᠤ ᠪᠠᠨ ᠣᠷᠣᠵᠠᠢ᠃ ᠮᠥᠨ ᠲᠠᠯᠠᠪᠠᠢ ᠢᠢᠨ ᠤᠰᠤᠯᠠᠯᠲᠠ ᠢᠢᠨ ᠰᠢᠰᠲ᠋ᠧᠮ ᠭᠡᠬᠦ ᠳᠥ ᠭᠠᠵᠠᠷ ᠲᠠᠷᠢᠶᠠᠯᠠᠩ ᠤᠨ ᠤᠰᠤᠯᠠᠯᠲᠠ ᠢᠢᠨ ᠰᠢᠰᠲ᠋ᠧᠮ ᠰᠢᠭ᠌ ᠬᠣᠶᠠᠷ ᠲᠠᠯ᠎ᠠ ᠠᠴᠠ ᠪᠠᠨ ᠲᠠᠯᠠᠪᠠᠢ ᠢᠢᠨ ᠭᠣᠣᠯ ᠬᠦᠷᠲᠡᠯ᠎ᠡ ᠴᠠᠴᠠᠳᠠᠭ ᠵᠡᠷᠭᠡ ᠪᠡᠷ ᠰᠡᠭᠦᠯ ᠦᠨ ᠦᠶ᠎ᠡ ᠢᠢᠨ ᠲᠧᠭᠨᠣᠯᠣᠭᠢ ᠠᠰᠢᠭᠯᠠᠵᠤ ᠪᠠᠢᠢᠭ᠎ᠠ ᠭᠡᠯ᠎ᠡ᠃ ᠮᠥᠨ ᠤᠰᠤ ᠵᠠᠢᠢᠯᠠᠭᠤᠯᠬᠤ ᠰᠢᠰᠲ᠋ᠧᠮ ᠢ ᠾᠣᠯᠯᠠᠨ᠋ᠳ᠋ ᠍ ᠠᠴᠠ ᠣᠷᠣᠭᠤᠯᠵᠤ ᠢᠷᠡᠬᠦ ᠪᠡᠷ ᠲᠥᠯᠦᠪᠯᠡᠭᠰᠡᠨ ᠪᠥᠭᠡᠳ ᠬᠥᠯ ᠪᠥᠮᠪᠥᠭᠡ ᠢᠢᠨ ᠲᠠᠯᠠᠪᠠᠢ ᠪᠠᠷᠢᠬᠤ ᠬᠡᠷᠡᠭᠴᠡᠭᠡᠲᠦ ᠪᠦᠬᠦ ᠮᠠᠲ᠋ᠧᠷᠢᠶᠠᠯ᠂ ᠲᠣᠨᠣᠭ ᠲᠥᠬᠦᠭᠡᠷᠦᠮᠵᠢ ᠢᠷᠡᠬᠦ ᠰᠠᠷ᠎ᠠ ᠳᠤ ᠪᠠᠭᠲᠠᠨ ᠮᠣᠩ᠋ᠭᠣᠯ ᠤᠯᠤᠰ ᠲᠤ ᠢᠷᠡᠬᠦ ᠶᠤᠮ ᠪᠠᠢᠢᠨ᠎ᠠ᠃

ᠮᠥᠨ 50 ᠮ ᠪᠠᠰᠰᠧᠢᠨ ᠪᠦᠬᠦᠢ ᠣᠯᠠᠨ ᠤᠯᠤᠰ ᠤᠨ ᠰᠲ᠋ᠠᠨ᠋ᠳᠠᠷᠲ ᠤᠨ ᠤᠰᠤᠨ ᠰᠫᠣᠷᠲ ᠤᠨ ᠴᠣᠭᠴᠠᠯᠠᠪᠤᠷᠢ ᠢᠢᠨ ᠰᠠᠭᠤᠷᠢ᠎ ᠢᠢᠨ ᠠᠵᠢᠯ ᠰᠠᠭᠠᠳ ᠦᠭᠡᠢ ᠦᠷᠭᠦᠯᠵᠢᠯᠡᠵᠦ ᠪᠠᠢᠢᠭ᠎ᠠ ᠲᠤᠯᠠ ᠡᠨᠡ ᠵᠢᠯ ᠳᠥ ᠪᠡᠨ ᠪᠠᠭᠲᠠᠭᠠᠨ ᠪᠢᠲᠡᠭᠦᠯᠵᠦ᠂ ᠳᠤᠯᠠᠭᠠᠨ ᠢᠶᠠᠨ ᠲᠠᠲᠠᠬᠤ ᠪᠠᠷ ᠲᠥᠯᠥᠪᠯᠡᠭᠰᠡᠨ ᠪᠠᠢᠢᠨ᠎ᠠ᠃ ᠢᠩᠭᠢᠭ᠍ᠰᠡᠨ ᠢᠶᠡᠷ ᠡᠪᠦᠯ ᠦᠨ ᠤᠯᠠᠷᠢᠯ ᠳᠤ ᠳᠣᠲᠣᠭᠠᠳᠤ ᠵᠠᠰᠠᠯ ᠤᠨ ᠠᠵᠢᠯ ᠢ ᠠᠮᠵᠢᠭᠤᠯᠵᠤ᠂ ᠢᠷᠡᠬᠦ ᠣᠨ ᠤ ᠳᠣᠯᠣᠳᠤᠭᠠᠷ ᠰᠠᠷ᠎ᠠ ᠳᠤ ᠠᠰᠢᠭᠯᠠᠯᠲᠠ ᠳᠤ ᠥᠭ᠍ᠬᠦ ᠪᠡᠷ ᠲᠥᠯᠥᠪᠯᠡᠵᠡᠢ᠃

ᠪᠠᠰᠰᠧᠢᠨ ᠪᠠᠷᠢᠬᠤ ᠳᠤ ᠪᠣᠯᠤᠨ ᠬᠥᠯ ᠪᠥᠮᠪᠥᠭᠡ ᠢᠢᠨ ᠲᠠᠯᠠᠪᠠᠢ ᠢᠢᠨ ᠵᠠᠷᠢᠮ ᠱᠠᠭᠠᠷᠳᠠᠯᠭ᠎ᠠ ᠲᠠᠢ ᠲᠣᠨᠣᠭ᠂ ᠲᠥᠬᠥᠭᠡᠷᠦᠭᠡᠮᠵᠢ ᠪᠤᠶᠤ ᠮᠣᠩ᠋ᠭᠣᠯ ᠤᠯᠤᠰ ᠲᠤ ᠦᠢᠯᠡᠳᠪᠦᠷᠢᠯᠡᠳᠡᠭ ᠦᠭᠡᠢ ᠪᠠᠷ᠎ᠠ᠂ ᠮᠠᠲ᠋ᠧᠷᠢᠶᠠᠯ ᠢ ᠭᠠᠢᠢᠯᠢ ᠢᠢᠨ ᠲᠠᠲᠠᠪᠤᠷᠢ ᠠᠴᠠ ᠴᠢᠯᠦᠭᠡᠯᠡᠬᠦ᠂ ᠬᠥᠩᠭᠡᠯᠡᠬᠦ ᠠᠰᠠᠭᠤᠳᠠᠯ ᠲᠤᠯᠭᠠᠮᠳᠠᠵᠤ ᠪᠠᠢᠢᠭ᠎ᠠ ᠶᠤᠮ ᠪᠠᠢᠢᠨ᠎ᠠ᠃ ᠰᠠᠢᠢᠳ ᠶᠣ᠊ ∙ ᠪᠠᠭᠠᠲᠤᠷᠪᠢᠯᠢᠭ᠌ ᠮᠣᠩ᠋ᠭᠣᠯ ᠤᠯᠤᠰ ᠲᠤ ᠦᠢᠯᠡᠳᠪᠦᠷᠢᠯᠡᠳᠡᠭ ᠦᠭᠡᠢ ᠪᠠᠷ᠎ᠠ᠂ ᠮᠠᠲ᠋ᠧᠷᠢᠶᠠᠯ ᠳᠤ ᠭᠠᠢᠢᠯᠢ ᠢᠢᠨ ᠬᠥᠩᠭᠡᠯᠡᠯᠲᠡ ᠦᠵᠡᠭᠦᠯᠬᠦ ᠪᠣᠯᠤᠮᠵᠢ ᠲᠠᠢ ᠭᠡᠰᠡᠨ ᠪᠥᠭᠡᠳ ᠡᠨᠡ ᠠᠰᠠᠭᠤᠳᠠᠯ ᠢᠶᠠᠷ ᠦᠷᠭᠦᠯᠵᠢᠯᠡᠭᠦᠯᠦᠨ ᠶᠠᠷᠢᠯᠴᠠᠬᠤ ᠪᠠᠷ ᠪᠣᠯᠤᠭᠰᠠᠨ ᠶᠤᠮ᠃

ᠮᠣᠩ᠋ᠭᠣᠯ ᠤᠯᠤᠰ ᠤᠨ ᠶᠡᠷᠦᠩᠬᠡᠢ ᠰᠠᠢᠢᠳ ᠤ᠊ ∙ ᠬᠦᠷᠦᠯᠰᠦ᠋ᠬᠡ ᠶᠠᠭᠠᠷᠮᠠᠭ ᠤᠨ ᠳᠡᠨᠵᠢ ᠢᠢ ᠬᠡᠦᠬᠡᠳ ᠵᠠᠯᠠᠭᠤᠰ ᠤᠨ ᠴᠢᠯᠦᠭᠡᠲᠦ ᠴᠠᠭ ᠢᠶᠠᠨ ᠥᠩᠭᠡᠷᠡᠭᠡᠬᠦ᠂ ᠪᠡᠶ᠎ᠡ ᠪᠢᠯᠳᠠᠷ ᠤᠨ ᠥᠪ ᠲᠡᠭᠰᠢ ᠬᠥᠭ᠍ᠵᠢᠯ ᠲᠡᠢ ᠪᠣᠯᠬᠤ ᠳᠤ ᠲᠦᠯᠬᠢᠴᠡ ᠪᠣᠯᠬᠤ᠂ ᠲᠡᠳᠡᠨ ᠦ ᠢᠷᠡᠭᠡᠳᠦᠢ ᠳᠥ ᠬᠥᠷᠦᠩᠭᠡ ᠣᠷᠣᠭᠤᠯᠤᠭᠰᠠᠨ ᠰᠫᠣᠷᠲ ᠤᠨ ᠲᠣᠮᠣᠬᠠᠨ ᠴᠣᠭᠴᠠᠯᠠᠪᠤᠷᠢ ᠪᠣᠯᠤᠨ᠎ᠠ ᠬᠡᠮᠡᠨ ᠲᠥᠰᠦᠭᠡᠯᠡᠵᠦ ᠪᠠᠢᠢᠭ᠎ᠠ ᠭᠡᠳ ᠤᠯᠠᠭᠠᠨᠪᠠᠭᠠᠲᠤᠷ ᠬᠣᠲᠠ ᠢᠢᠨ ᠵᠠᠬᠢᠷᠤᠭᠴᠢ ᠰ ∙ ᠠᠮᠤᠷᠰᠠᠢᠢᠬᠠᠨ ᠲᠠᠢ ᠶᠠᠭᠠᠷᠮᠠᠭ ᠤᠨ ᠳᠡᠨᠵᠢ ᠣᠷᠴᠢᠮ ᠢ ᠬᠡᠷᠬᠢᠨ ᠲᠥᠯᠦᠪᠯᠡᠵᠦ ᠪᠠᠢᠢᠭ᠎ᠠ ᠠᠰᠠᠭᠤᠳᠠᠯ ᠢᠶᠠᠷ ᠶᠠᠷᠢᠯᠴᠠᠯ᠎ᠠ᠃

ᠤᠯᠠᠭᠠᠨᠪᠠᠭᠠᠲᠤᠷ ᠬᠣᠲᠠ ᠢᠢᠨ ᠵᠠᠬᠢᠷᠤᠭᠴᠢ ᠰ ∙ ᠠᠮᠤᠷᠰᠠᠢᠢᠬᠠᠨ ᠤ ᠬᠡᠯᠡᠭᠰᠡᠨ ᠢᠶᠡᠷ ᠶᠠᠭᠠᠷᠮᠠᠭ ᠤᠨ 4400 ᠭᠠ ᠭᠠᠵᠠᠷ ᠲᠤ ᠳᠠᠬᠢᠨ ᠲᠥᠯᠥᠪᠯᠡᠯᠲᠡ ᠬᠢᠭ᠍ᠰᠡᠨ ᠴᠤ 1632 ᠭᠠ ᠨᠢ ᠪᠠᠢᠢᠭᠠᠯᠢ᠂ ᠣᠷᠴᠢᠨ᠂ ᠠᠶᠠᠯᠠᠯ ᠵᠢᠭᠤᠯᠴᠢᠯᠠᠯ ᠤᠨ ᠶᠠᠮᠤᠨ ᠳᠤ ᠬᠠᠷᠢᠶᠠᠯᠠᠭᠳᠠᠳᠠᠭ ᠲᠤᠯᠠ ᠵᠠᠢᠢᠰᠠᠩ ᠣᠷᠴᠢᠮ ᠰᠢᠭ ᠲᠥᠯᠥᠪᠯᠡᠯᠲᠡᠭᠦᠢ ᠪᠣᠯᠬᠤ ᠪᠤᠢ ᠭᠡᠳᠡᠭ ᠡᠴᠡ ᠪᠣᠯᠭᠣᠮᠵᠢᠯᠠᠵᠤ ᠪᠠᠢᠢᠭ᠎ᠠ ᠠᠵᠢ᠃ ᠲᠡᠢᠢᠮᠦ ᠡᠴᠡ ᠠᠵᠤ ᠠᠬᠤᠢ ᠢᠢᠨ ᠨᠢᠭᠡᠴᠡ ᠨᠦᠭᠦᠳ ᠲᠡᠢ ᠠᠭᠤᠯᠵᠠᠵᠤ᠂ ᠲᠥᠯᠥᠪᠯᠡᠯᠲᠡᠭᠦᠢ ᠭᠠᠵᠠᠷ ᠤᠨ ᠠᠰᠠᠭᠤᠳᠠᠯ ᠢ ᠨᠢᠭᠡ ᠮᠥᠷ ᠰᠢᠢᠳᠬᠦ ᠠᠵᠢᠯ ᠢ ᠢᠷᠡᠬᠦ ᠳᠣᠯᠣᠭ᠎ᠠ ᠬᠣᠨᠣᠭ ᠠᠴᠠ ᠵᠣᠬᠢᠶᠠᠨ ᠪᠠᠢᠢᠭᠤᠯᠬᠤ ᠪᠠᠷ ᠪᠣᠯᠵᠠᠢ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠳᠠᠷᠬᠠᠨ ᠴᠠᠭᠠᠵᠠᠲᠤ ᠭᠠᠵᠠᠷ ᠠᠶᠠᠯᠠᠯ ᠵᠢᠭᠤᠯᠴᠢᠯᠠᠯ ᠤᠨ ᠴᠣᠭᠴᠠᠯᠠᠪᠤᠷᠢ ᠪᠠᠷᠢᠨ᠎ᠠ ᠭᠡᠵᠦ ᠭᠠᠵᠠᠷ ᠠᠪᠤᠭᠠᠳ ᠣᠷᠣᠨ ᠰᠠᠭᠤᠴᠠᠨ ᠤ ᠬᠣᠷᠢᠶᠠᠯᠠᠯ ᠪᠠᠷᠢᠵᠤ᠂ ᠬᠠᠤᠯᠢ ᠵᠥᠷᠢᠴᠡᠵᠦ ᠪᠠᠢᠢᠭᠠᠳ ᠣᠨᠴᠠᠭᠠᠢᠢᠯᠠᠨ ᠠᠩᠬᠠᠷᠤᠯ ᠬᠠᠨᠳᠤᠭᠤᠯᠬᠤ ᠢᠢ ᠳᠠᠭᠠᠯᠳᠤᠨ ᠶᠠᠪᠤᠭ᠎ᠠ ᠰᠠᠢᠢᠳ ᠨᠠᠷ ᠲᠤ ᠠᠩᠬᠠᠷᠤᠭᠤᠯᠵᠤ᠂ ᠰᠫᠣᠷᠲ ᠤᠨ ᠨᠠᠭᠠᠳᠤᠮ ᠤᠨ ᠲᠣᠰᠬᠣᠨ ᠤ ᠪᠦᠲᠦᠭᠡᠨ ᠪᠠᠢᠢᠭᠤᠯᠤᠯᠲᠠ ᠢᠢᠨ ᠠᠵᠢᠯ ᠤᠳ ᠲᠠᠢ ᠦᠷᠭᠦᠯᠵᠢᠭᠦᠯᠦᠨ ᠲᠠᠨᠢᠯᠴᠠᠯ᠎ᠠ᠃