ᠮᠣᠩ᠋ᠭᠣᠯ ᠤᠯᠤᠰ ᠤᠨ ᠦᠨᠳᠦᠰᠦᠨ ᠬᠠᠤᠯᠢ ᠢᠢᠨ 33 ᠳ᠋ᠤᠭᠠᠷ ᠵᠦᠢᠯ ᠦᠨ 1 ᠳ᠋ᠡᠬᠢ ᠬᠡᠰᠡᠭ ᠦᠨ 7 ᠳᠠᠬᠢ ᠵᠢᠭᠠᠯᠲᠠ᠂ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠲᠤᠬᠠᠢ ᠬᠠᠤᠯᠢ ᠢᠢᠨ 15 ᠳ᠋ᠤᠭᠠᠷ ᠵᠦᠢᠯ ᠦᠨ 1 ᠳ᠋ᠡᠬᠢ ᠬᠡᠰᠡᠭ ᠲᠥ ᠵᠢᠭᠠᠭᠰᠠᠨ ᠢ ᠲᠤᠰ ᠲᠤᠰ ᠦᠨᠳᠦᠰᠦᠯᠡᠨ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠣᠯᠠᠨ ᠬᠡᠦᠬᠡᠳ ᠲᠥᠷᠦᠭᠦᠯᠵᠦ᠂ ᠥᠰᠬᠡᠨ ᠬᠦᠮᠦᠵᠢᠭᠦᠯᠦᠭᠰᠡᠨ ᠡᠬᠡᠴᠦᠳ ᠲᠥ ᠡᠬᠡ ᠢᠢᠨ ᠠᠯᠳᠠᠷ ᠣᠳᠣᠨ ᠭᠠᠷᠳᠠᠭᠤᠯᠬᠤ ᠵᠠᠷᠯᠢᠭ ᠭᠠᠷᠭᠠᠪᠠ᠃
ᠡᠨᠡ ᠵᠢᠯ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠵᠠᠷᠯᠢᠭ ᠢᠶᠠᠷ ᠡᠬᠡ ᠢᠢᠨ ᠠᠯᠳᠠᠷ ᠪᠤᠶᠤ ᠣᠯᠠᠨ ᠤ ᠬᠡᠯᠡᠵᠦ ᠵᠠᠩᠰᠢᠭᠰᠠᠨ ᠢᠶᠠᠷ ᠠᠯᠳᠠᠷᠲᠤ ᠡᠬᠡ ᠢᠢᠨ I ᠪᠣᠯᠤᠨ II ᠣᠳᠣᠨ ᠢ 9465 ᠡᠵᠢ ᠬᠦᠷᠲᠡᠵᠦ ᠪᠠᠢᠢᠨ᠎ᠠ᠃
ᠡᠭᠦᠨ ᠡᠴᠡ᠄
ᠨᠢᠭᠡᠳᠦᠭᠡᠷ ᠣᠳᠣᠨ 611
ᠬᠣᠶᠠᠳᠤᠭᠠᠷ ᠣᠳᠣᠨ 8853
ᠨᠡᠢᠢᠰᠯᠡᠯ ᠡᠴᠡ 3677
ᠬᠥᠳᠡᠭᠡ᠂ ᠣᠷᠣᠨ ᠨᠤᠲᠤᠭ ᠠᠴᠠ 5090
ᠭᠠᠳᠠᠭᠠᠳᠤ ᠤᠯᠤᠰ ᠲᠤ ᠣᠷᠣᠰᠢᠨ ᠰᠠᠭᠤᠭ᠎ᠠ 28 ᠡᠵᠢ ᠠᠯᠳᠠᠷᠲᠤ ᠡᠬᠡ ᠢᠢᠨ ᠣᠳᠣᠨ ᠭᠠᠷᠳᠠᠵᠤ ᠪᠠᠢᠢᠨ᠎ᠠ᠃
ᠡᠬᠡ ᠢᠢᠨ ᠠᠯᠳᠠᠷ ᠣᠷᠳᠣᠨ ᠬᠦᠷᠲᠡᠵᠦ ᠪᠤᠢ ᠡᠵᠢ ᠨᠦᠭᠦᠳ ᠦᠨ ᠲᠥᠯᠥᠭᠡᠯᠡᠯ ᠪᠣᠯᠭᠠᠨ ᠥᠨᠥᠳᠥᠷ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠵᠠᠷᠢᠮ ᠡᠵᠢ ᠳᠥ ᠲᠥᠷᠥ ᠢᠢᠨ ᠣᠷᠳᠣᠨ ᠤ ᠶᠢᠰᠦᠨ ᠬᠥᠯᠲᠦ᠂ ᠴᠠᠭᠠᠨ ᠲᠤᠭᠲᠤ ᠲᠠᠩᠬᠢᠮ ᠳᠤ ᠣᠳᠣᠨ ᠢ ᠨᠢ ᠭᠠᠷᠳᠠᠭᠤᠯᠵᠤ᠂ ᠪᠠᠶᠠᠷ ᠬᠦᠷᠭᠡᠯᠦᠭᠡ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠄
ᠰᠠᠢᠢᠨ ᠪᠠᠢᠢᠵᠠᠭᠠᠨ᠎ᠠ ᠤᠤ ᠡᠷᠬᠢᠮ ᠬᠦᠨᠳᠦᠳᠦ ᠡᠬᠡᠴᠦᠳ ᠡ᠂
ᠲᠠ ᠪᠦᠬᠦᠨ ᠳᠥ ᠬᠡᠦᠬᠡᠳ ᠦᠨ ᠪᠠᠶᠠᠷ – ᠣᠯᠠᠨ ᠤᠯᠤᠰ ᠤᠨ ᠬᠡᠦᠬᠡᠳ ᠦᠨ ᠡᠷᠬᠡ ᠢᠢ ᠬᠠᠮᠠᠭᠠᠯᠠᠬᠤ ᠡᠳᠦᠷ ᠦᠨ ᠮᠡᠨᠳᠦ ᠢᠢ ᠳᠡᠪᠰᠢᠭᠦᠯᠦᠶ᠎ᠡ᠃
ᠪᠠᠶᠠᠷ ᠤᠨ ᠡᠨᠡ ᠰᠠᠢᠢᠬᠠᠨ ᠡᠳᠦᠷ ᠬᠡᠦᠬᠡᠳ ᠪᠦᠷᠢ ᠢᠢᠨ ᠨᠠᠷᠠᠨ᠂ ᠪᠠᠶᠠᠷ ᠵᠢᠷᠭᠠᠯ ᠤᠨ ᠤᠨᠳᠤᠷᠭ᠎ᠠ ᠪᠣᠯᠤᠭᠰᠠᠨ ᠡᠬᠡᠴᠦᠳ ᠲᠥ ᠠᠯᠳᠠᠷᠲᠤ ᠡᠬᠡ ᠢᠢᠨ ᠣᠳᠣᠨ ᠭᠠᠷᠳᠠᠭᠤᠯᠳᠠᠭ ᠤᠯᠠᠮᠵᠢᠯᠠᠯ ᠲᠠᠢ᠃ ᠡᠨᠡ ᠪᠣᠯ ᠮᠠᠰᠢ ᠰᠠᠢᠢᠬᠠᠨ ᠤᠯᠠᠮᠵᠢᠯᠠᠯ ᠶᠤᠮ᠃ ᠮᠣᠩ᠋ᠭᠣᠯ ᠤᠨ ᠲᠥᠷᠥ ᠦᠶ᠎ᠡ ᠢᠢᠨ ᠦᠶ᠎ᠡ ᠳᠥ ᠤᠯᠤᠰ ᠣᠷᠣᠨ ᠤ ᠪᠠᠨ ᠬᠥᠭ᠍ᠵᠢᠯ ᠳᠡᠪᠰᠢᠯ ᠦᠨ ᠦᠨᠳᠦᠰᠦ ᠪᠣᠯᠤᠭᠰᠠᠨ ᠬᠦᠮᠦᠨ ᠠᠮᠠ ᠪᠠᠨ ᠥᠰᠬᠡᠬᠦ ᠪᠣᠳᠣᠯᠭ᠎ᠠ ᠢᠢ ᠲᠤᠭᠤᠰᠢᠲᠠᠢ ᠪᠠᠷᠢᠮᠲᠠᠯᠠᠵᠤ᠂ ᠬᠡᠦᠬᠡᠳ ᠡᠬᠡᠴᠦᠳ ᠢ ᠠᠩᠬᠠᠷᠤᠯ ᠤᠨ ᠢᠶᠠᠨ ᠲᠥᠪ ᠲᠥ ᠪᠠᠢᠢᠯᠭᠠᠬᠤ ᠤᠴᠢᠷᠲᠠᠢ᠃ ᠬᠡᠦᠬᠡᠳ ᠪᠣᠯ ᠦᠨᠳᠦᠰᠦᠲᠡᠨ ᠦ ᠢᠷᠡᠭᠡᠳᠦᠢ᠂ ᠤᠯᠤᠰ ᠤᠨ ᠪᠠᠶᠠᠯᠢᠭ᠂ ᠠᠢᠢᠯ ᠭᠡᠷ ᠦᠨ ᠪᠠᠶᠠᠷ ᠪᠠᠶᠠᠰᠬᠤᠯᠠᠩ᠂ ᠡᠷᠬᠢᠮ ᠳᠡᠭᠡᠳᠦ ᠡᠷᠳᠡᠨᠢ ᠪᠢᠯᠡ᠃
ᠥᠨᠥᠳᠥᠷ ᠠᠯᠳᠠᠷᠲᠤ ᠡᠬᠡ ᠪᠣᠯᠵᠤ ᠪᠠᠢᠢᠭ᠎ᠠ ᠪᠦᠰᠡᠭᠦᠢᠢᠴᠦᠳ ᠦᠨ ᠳᠤᠮᠳᠠ ᠬᠣᠶᠠᠷ ᠰᠣᠳᠣᠨ ᠲᠣᠬᠢᠶᠠᠯᠳᠤᠯ ᠪᠠᠢᠢᠭ᠎ᠠ ᠨᠢ ᠭᠤᠷᠪᠠᠨ ᠬᠡᠦᠬᠡᠳ ᠲᠥᠷᠦᠭᠦᠯᠵᠦ᠂ ᠥᠰᠬᠡᠵᠦ ᠪᠠᠢᠢᠭᠠᠳ ᠳᠥᠷᠪᠡ ᠳ᠋ᠡᠬᠢ ᠲᠥᠷᠥᠯᠲᠡ ᠪᠡᠷ ᠢᠶᠡᠨ ᠭᠤᠷᠪᠠᠨ ᠢᠬᠡᠷ᠎ᠡ ᠲᠥᠷᠦᠭᠦᠯᠵᠦ ᠠᠯᠳᠠᠷᠲᠤ ᠡᠬᠡ ᠢᠢᠨ 1᠂ 2 ᠍ ᠳᠦᠭᠠᠷ ᠣᠳᠣᠨ ᠤ ᠤᠨ ᠪᠣᠯᠵᠣᠯ ᠢ ᠵᠡᠷᠭᠡ ᠬᠠᠩ᠋ᠭᠠᠵᠤ 6 ᠰᠠᠢᠢᠬᠠᠨ ᠦᠷ᠎ᠡ ᠲᠡᠢ ᠪᠣᠯᠤᠭᠰᠠᠨ ᠬᠣᠶᠠᠷ ᠴᠤ ᠡᠬᠡ ᠢᠷᠡᠵᠡᠢ᠃ ᠪᠠᠶᠠᠷ ᠬᠦᠷᠭᠡᠶ᠎ᠡ᠃ ᠮᠣᠩ᠋ᠭᠣᠯ ᠤᠨ ᠦᠷᠡᠰ ᠣᠯᠠᠨ ᠪᠣᠯᠵᠤ ᠪᠠᠢᠢᠨ᠎ᠠ᠃ ᠤᠯᠠᠮ ᠣᠯᠠᠨ ᠪᠣᠯᠬᠤ ᠪᠣᠯᠲᠤᠭᠠᠢ!
ᠬᠡᠦᠬᠡᠳ ᠥᠰᠬᠡᠵᠦ ᠬᠦᠮᠦᠵᠢᠭᠦᠯᠦᠨ᠎ᠡ ᠭᠡᠳᠡᠭ ᠪᠣᠯ ᠠᠰᠤᠷᠤ ᠲᠣᠮᠣ ᠬᠥᠳᠡᠯᠮᠦᠷᠢ ᠶᠤᠮ᠃ ᠬᠡᠦᠬᠡᠳ ᠢᠶᠡᠨ ᠥᠰᠬᠡᠵᠦ ᠪᠠᠢᠢᠭ᠎ᠠ ᠡᠬᠡᠴᠦᠳ ᠢ 《ᠭᠡᠷ ᠲᠥ ᠪᠡᠨ ᠠᠵᠢᠯ ᠦᠭᠡᠢ》 ᠰᠠᠭᠤᠳᠠᠭ ᠭᠡᠵᠦ ᠶᠠᠷᠢᠬᠤ ᠪᠣᠯ ᠪᠤᠷᠤᠭᠤ! ᠡᠨᠡ ᠪᠣᠯ ᠴᠠᠭ ᠨᠠᠷᠠ ᠦᠭᠡᠢ᠂ ᠬᠠᠷᠢᠭᠤᠴᠠᠯᠭ᠎ᠠ᠂ ᠰᠡᠳᠬᠢᠯ ᠱᠠᠭᠠᠷᠳᠠᠭᠰᠠᠨ ᠨᠦᠰᠡᠷ᠂ ᠠᠮᠠᠷ ᠦᠭᠡᠢ ᠠᠵᠢᠯ᠃ ᠲᠡᠢᠢᠮᠦ ᠤᠴᠢᠷ ᠠᠴᠠ ᠲᠥᠷᠥ ᠮᠣᠩ᠋ᠭᠣᠯ ᠤᠯᠤᠰ ᠤᠨ ᠢᠷᠭᠡᠨ ᠢ ᠡᠷᠡᠭᠦᠯ ᠰᠠᠷᠠᠭᠤᠯ᠂ ᠵᠥᠪ ᠰᠡᠳᠬᠢᠯ᠂ ᠵᠥᠪ ᠶᠣᠰᠣ ᠵᠦᠢ ᠲᠡᠢ ᠪᠣᠯᠭᠠᠨ ᠥᠰᠬᠡᠵᠦ᠂ ᠬᠦᠮᠦᠵᠢᠭᠦᠯᠵᠦ ᠪᠠᠢᠢᠭ᠎ᠠ ᠡᠬᠡᠴᠦᠳ ᠦᠨ ᠬᠥᠳᠡᠯᠮᠦᠷᠢ ᠢᠢ ᠳᠡᠯᠡᠬᠡᠢ ᠨᠡᠢᠢᠲᠡ ᠢᠢᠨ ᠵᠢᠱᠢᠭ ᠲᠥ ᠬᠦᠷᠭᠡᠨ ᠦᠨᠡᠯᠡᠬᠦ ᠶᠣᠰᠣᠲᠠᠢ ᠭᠡᠵᠦ ᠪᠢ ᠪᠣᠳᠣᠳᠠᠭ᠃
ᠪᠤᠰᠤᠳ ᠤᠯᠤᠰ ᠣᠷᠣᠨ ᠳᠤ ᠡᠬᠡᠴᠦᠳ᠂ ᠬᠦᠮᠦᠨ ᠠᠮᠠ ᠪᠠᠨ ᠥᠰᠬᠡᠬᠦ ᠲᠠᠯ᠎ᠠ ᠪᠠᠷ ᠶᠠᠮᠠᠷ ᠬᠠᠯᠠᠮᠵᠢ ᠢᠢᠨ ᠪᠣᠳᠣᠯᠭ᠎ᠠ ᠶᠠᠪᠤᠭᠤᠯᠳᠠᠭ ᠲᠠᠯ᠎ᠠ ᠪᠠᠷ ᠬᠡᠳᠦᠨ ᠵᠢᠱᠢᠶ᠎ᠡ ᠬᠡᠯᠡᠶ᠎ᠡ᠃
ᠣᠳᠣ ᠢᠢᠨ ᠦᠨᠡᠯᠡᠮᠵᠢ ᠪᠣᠯ ᠠᠯᠳᠠᠷᠲᠤ ᠡᠬᠡ ᠢᠢᠨ ᠨᠢᠭᠡᠳᠦᠭᠡᠷ ᠣᠳᠣᠨᠳᠤ ᠡᠬᠡ ᠳᠥ – 200 ᠮᠢᠩ᠋ᠭ᠎ᠠ᠂ ᠬᠣᠶᠠᠳᠤᠭᠠᠷ ᠣᠳᠣᠨᠳᠤ ᠡᠬᠡ ᠳᠥ – 100 ᠮᠢᠩ᠋ᠭᠠᠨ ᠲᠥᠭᠥᠷᠢᠭ᠌ ᠢ ᠵᠢᠯ ᠳᠥ ᠨᠢᠭᠡ ᠤᠳᠠᠭ᠎ᠠ ᠣᠯᠭᠤᠵᠤ ᠪᠠᠢᠢᠭ᠎ᠠ ᠨᠢ ᠥᠨᠥ ᠢᠢᠨ ᠬᠠᠩᠰᠢ ᠪᠠᠷ 100 ᠬᠦᠷᠬᠦ ᠦᠭᠡᠢ ᠳ᠋ᠣᠯᠯᠠᠷ ᠶᠤᠮ᠃
ᠪᠤᠰᠤᠳ ᠤᠯᠤᠰ ᠲᠠᠢ ᠬᠠᠷᠢᠴᠠᠭᠤᠯᠬᠤ ᠳᠤ ᠬᠡᠦᠬᠡᠳ ᠲᠡᠢ ᠡᠬᠡ ᠳᠥ ᠵᠢᠯ ᠳᠥ ᠠᠦᠢᠰᠲ᠋ᠷᠠᠯᠢᠶ᠎ᠠ ᠤᠯᠤᠰ ᠬᠠᠮᠤᠭ ᠤᠨ ᠶᠡᠬᠡ 3613 ᠠᠮ.ᠳ᠋ᠣᠯᠯᠠᠷ᠂ ᠤᠩ᠋ᠭᠠᠷᠢ 765 ᠠᠮ.ᠳ᠋ᠣᠯᠯᠠᠷ᠂ ᠶᠠᠫᠣᠨ 510 ᠠᠮ.ᠳ᠋ᠣᠯᠯᠠᠷ᠂ ᠫᠣᠯᠢᠱ 278 ᠠᠮ.ᠳ᠋ᠣᠯᠯᠠᠷ᠂ ᠭᠷᠧᠺ 135 ᠠᠮᠠ.ᠳ᠋ᠣᠯᠯᠠᠷ ᠣᠯᠭᠤᠵᠤ ᠪᠠᠢᠢᠨ᠎ᠠ᠃
ᠬᠥᠷᠰᠢ ᠣᠷᠣᠰ ᠬᠣᠯᠪᠣᠭᠠᠨ ᠤ ᠤᠯᠤᠰ ᠬᠡᠦᠬᠡᠳ ᠲᠥᠷᠦᠭᠦᠯᠦᠭᠰᠡᠨ ᠡᠬᠡ ᠳᠥ 3 ᠵᠢᠯ ᠦᠨ ᠲᠤᠷᠰᠢᠳᠠ ᠲᠡᠳᠬᠦᠮᠵᠢ ᠣᠯᠭᠤᠳᠠᠭ᠂ ᠡᠬᠢᠨ ᠦ 5 ᠰᠠᠷ᠎ᠠ ᠴᠠᠯᠢᠩ ᠤᠨ 100 ᠬᠤᠪᠢ ᠪᠠᠷ ᠲᠡᠳᠬᠦᠮᠵᠢ ᠣᠯᠭᠤᠭᠠᠳ ᠴᠢᠨᠠᠭᠰᠢᠳᠠ 40 ᠬᠤᠪᠢ ᠪᠠᠷ ᠲᠣᠭᠠᠴᠠᠵᠤ ᠲᠡᠳᠬᠦᠮᠵᠢ ᠢᠢ ᠪᠣᠳᠣᠳᠠᠭ ᠪᠣᠯ ᠮᠠᠨ ᠤ ᠳᠤ ᠵᠢᠷᠮᠦᠰᠦᠨ ᠦ 5 ᠰᠠᠷ᠎ᠠ ᠲᠠᠢ ᠠᠴᠠ ᠡᠬᠢᠯᠡᠨ ᠨᠡᠢᠢᠲᠡ 12 ᠰᠠᠷ᠎ᠠ ᠢᠢᠨ ᠬᠤᠭᠤᠴᠠᠭᠠᠨ ᠳᠤ ᠲᠡᠳᠬᠦᠮᠵᠢ ᠣᠯᠭᠠᠳᠠᠭ᠃ ᠲᠡᠳᠬᠦᠮᠵᠢ ᠢᠢᠨ ᠰᠠᠷ᠎ᠠ ᠳᠤ ᠣᠯᠭᠣᠬᠤ ᠬᠡᠮᠵᠢᠶ᠎ᠡ 40 ᠍- ᠬᠡᠨ ᠮᠢᠩ᠋ᠭᠠᠨ ᠲᠥᠭᠥᠷᠢᠭ᠌ ᠪᠠᠢᠢᠨ᠎ᠠ᠃
ᠡᠨᠳᠡ ᠡᠴᠡ ᠪᠢᠳᠡ ᠡᠬᠡᠴᠦᠳ ᠦᠨ ᠢᠶᠡᠨ ᠬᠥᠳᠡᠯᠮᠦᠷᠢ ᠢᠢ ᠬᠡᠷᠬᠢᠨ ᠦᠨᠡᠯᠡᠳᠡᠭ ᠨᠢ ᠬᠠᠷᠠᠭᠳᠠᠬᠤ ᠪᠠᠢᠢᠬᠤ᠃ ᠪᠢᠳᠡ ᠡᠬᠡᠴᠦᠳ ᠢᠶᠡᠨ ᠪᠣᠳᠠᠲᠤ ᠪᠠᠷ ᠦᠨᠡᠯᠡᠬᠦ᠂ ᠪᠠᠶᠠᠷᠯᠠᠭᠤᠯᠬᠤ ᠲᠠᠯ᠎ᠠ ᠪᠠᠷ ᠨᠤᠬᠤᠴᠠᠲᠠᠢ ᠪᠣᠳᠣᠬᠤ ᠴᠠᠭ ᠪᠣᠯᠤᠭᠰᠠᠨ ᠪᠠᠢᠢᠨ᠎ᠠ᠃ ᠬᠡᠦᠬᠡᠳ ᠢᠶᠡᠨ ᠰᠡᠳᠬᠢᠯ ᠠᠮᠤᠷ ᠥᠰᠬᠡᠵᠦ ᠪᠣᠢᠢᠵᠢᠭᠤᠯᠬᠤ ᠬᠡᠮᠵᠢᠶᠡᠨ ᠳᠥ ᠡᠬᠡᠴᠦᠳ ᠦᠨ ᠲᠡᠳᠬᠦᠮᠵᠢ ᠢᠢ ᠠᠪᠠᠭᠠᠴᠢᠬᠤ ᠲᠠᠯ᠎ᠠ ᠪᠠᠷ ᠵᠠᠰᠠᠭ ᠤᠨ ᠭᠠᠵᠠᠷ᠂ ᠬᠣᠯᠪᠣᠭᠣᠳᠠᠬᠤ ᠶᠠᠮᠤᠳ ᠪᠣᠳᠣᠯᠭ᠎ᠠ ᠪᠣᠯᠪᠠᠰᠤᠷᠠᠭᠤᠯᠬᠤ᠂ ᠰᠢᠢᠳᠦᠯ ᠭᠠᠷᠭᠠᠬᠤ ᠢᠢ ᠪᠢ ᠳᠡᠮᠵᠢᠵᠦ ᠠᠵᠢᠯᠯᠠᠬᠤ ᠪᠣᠯᠤᠨ᠎ᠠ᠃
ᠥᠩᠭᠡᠷᠡᠭᠰᠡᠨ ᠵᠢᠯ ᠦᠨ ᠬᠡᠦᠬᠡᠳ ᠦᠨ ᠪᠠᠶᠠᠷ ᠢᠶᠠᠷ ᠬᠡᠦᠬᠡᠳ ᠪᠠᠭᠠᠴᠤᠳ ᠮᠠᠨᠢ ᠶᠡᠷᠦᠩᠬᠡᠢᠢᠯᠡᠭᠴᠢ ᠳᠥ ᠪᠡᠨ ᠬᠠᠨᠳᠤᠨ ᠬᠦᠰᠡᠯ ᠮᠥᠷᠥᠭᠡᠳᠦᠯ ᠢᠶᠡᠨ ᠢᠯᠡᠷᠬᠡᠢᠢᠯᠡᠵᠦ᠂ ᠲᠤᠯᠭᠠᠮᠳᠠᠵᠤ ᠪᠠᠢᠢᠭ᠎ᠠ ᠪᠡᠷᠬᠡᠰᠢᠶᠡᠯ᠂ ᠠᠮᠢᠳᠤᠷᠠᠬᠤ ᠣᠷᠴᠢᠨ᠂ ᠰᠤᠮᠤ ᠣᠷᠣᠨ ᠨᠤᠲᠤᠭ᠂ ᠡᠬᠡ ᠣᠷᠣᠨ ᠤ ᠪᠠᠨ ᠲᠤᠬᠠᠢ ᠪᠢᠴᠢᠵᠦ᠂ ᠣᠯᠠᠨ ᠮᠢᠩ᠋ᠭᠠᠨ ᠵᠠᠬᠢᠳᠠᠯ᠂ ᠭᠠᠷ ᠵᠢᠷᠤᠭ ᠢ ᠢᠷᠡᠭᠦᠯᠦᠭᠰᠡᠨ᠃ ᠬᠡᠦᠬᠡᠳ ᠦᠳ ᠦᠨ ᠢᠶᠡᠨ ᠬᠦᠰᠡᠯ ᠮᠥᠷᠥᠭᠡᠳᠦᠯ ᠢ ᠬᠠᠷᠠᠭᠠᠯᠵᠠᠨ ᠲᠤᠰᠬᠠᠵᠤ᠂ ᠰᠠᠢᠢᠨ ᠰᠠᠢᠢᠬᠠᠨ ᠢᠷᠡᠭᠡᠳᠦᠢ ᠢᠢ ᠪᠦᠲᠦᠭᠡᠬᠦ ᠣᠷᠴᠢᠨ ᠨᠥᠬᠥᠴᠡᠯ ᠢ ᠪᠤᠢ ᠪᠣᠯᠭᠠᠬᠤ ᠢᠢᠨ ᠲᠥᠯᠥᠭᠡ 2019-2020 ᠣᠨ ᠢ 《ᠬᠡᠦᠬᠡᠳ ᠬᠠᠮᠠᠭᠠᠯᠠᠯ᠂ ᠬᠥᠭ᠍ᠵᠢᠯ ᠦᠨ ᠵᠢᠯ》 ᠪᠣᠯᠭᠠᠨ ᠵᠠᠷᠯᠠᠵᠤ᠂ ᠵᠠᠰᠠᠭ ᠤᠨ ᠭᠠᠵᠠᠷ ᠲᠤ ᠡᠭᠦᠷᠭᠡ ᠴᠢᠭᠯᠡᠯ ᠢ ᠥᠭ᠍ᠭᠦᠭ᠍ᠰᠡᠨ᠃ ᠴᠢᠨᠠᠭᠰᠢᠳᠠ ᠴᠤ ᠬᠡᠦᠬᠡᠳ ᠦᠨ ᠲᠥᠯᠦᠭᠡᠬᠢ ᠦᠢᠯᠡ ᠬᠡᠷᠡᠭ ᠲᠠᠰᠤᠷᠠᠯᠲᠠ ᠦᠭᠡᠢ ᠪᠠᠢᠢᠬᠤ ᠶᠣᠰᠣᠲᠠᠢ᠃
ᠲᠠ ᠪᠦᠬᠦᠨ ᠳᠥ ᠡᠬᠡ ᠣᠷᠣᠨ ᠤ ᠪᠠᠨ ᠢᠷᠡᠭᠡᠳᠦᠢ ᠢᠢ ᠡᠷᠡᠭᠦᠯ ᠰᠠᠷᠠᠭᠤᠯ ᠥᠰᠬᠡᠨ ᠪᠣᠢᠢᠵᠢᠭᠤᠯᠵᠤ᠂ ᠬᠦᠮᠦᠵᠢᠭᠦᠯᠵᠦ ᠪᠠᠢᠢᠭᠠᠳ ᠲᠠᠨᠢ ᠭᠦᠨ ᠲᠠᠯᠠᠷᠬᠠᠯ᠂ ᠬᠦᠨᠳᠦᠳᠬᠡᠯ ᠢᠯᠡᠷᠬᠡᠢᠢᠯᠡᠶ᠎ᠡ᠃ ᠮᠣᠩ᠋ᠭᠣᠯ ᠤᠨ ᠠᠷᠠᠳ ᠲᠦᠮᠡᠨ ᠦ ᠨᠡᠷ᠎ᠡ ᠢᠢᠨ ᠡᠮᠦᠨ᠎ᠡ ᠡᠴᠡ ᠪᠠᠶᠠᠷᠯᠠᠯ᠎ᠠ ᠭᠡᠵᠦ ᠳᠠᠪᠲᠠᠨ ᠬᠡᠯᠡᠶ᠎ᠡ᠃
ᠮᠣᠩ᠋ᠭᠣᠯ ᠤᠨ ᠠᠢᠢᠯ ᠪᠦᠬᠦᠨ ᠠᠮᠤᠷ ᠠᠮᠤᠭᠤᠯᠠᠩ᠂ ᠦᠷᠡᠰ ᠪᠦᠷ ᠠᠵᠠ ᠵᠢᠷᠭᠠᠯᠲᠠᠢ᠂ ᠡᠬᠡ ᠪᠣᠯᠭᠠᠨ ᠰᠡᠳᠬᠢᠯ ᠲᠡᠨᠢᠭᠦᠨ ᠪᠠᠢᠢᠬᠤ ᠪᠣᠯᠲᠤᠭᠠᠢ᠃
ᠪᠠᠶᠠᠷᠯᠠᠯ᠎ᠠ》 ᠭᠡᠯᠡ᠃