Та "Internet explorer"-ийн сүүлийн хувилбар болох "Microsoft edge"-г ашиглана уу

Хэрэв "Microsoft edge"-г татах бол энд дарж татаж авна уу

ᠳᠡᠯᠡᠬᠡᠢ ᠢᠢᠨ ᠰᠢᠯᠢᠳᠡᠭ ᠰᠤᠷᠭᠠᠭᠤᠯᠢ ᠨᠤᠭᠤᠳ ᠲᠤ ᠲᠡᠩᠴᠡᠨ ᠰᠤᠷᠤᠯᠴᠠᠬᠤ ᠪᠠᠷ ᠪᠣᠯᠤᠭᠰᠠᠨ ᠰᠤᠷᠤᠭᠴᠢᠳ ᠲᠠᠢ ᠠᠭᠤᠯᠵᠠᠵᠤ ᠠᠮᠵᠢᠯᠲᠠ ᠬᠦᠰᠡᠯ᠎ᠡ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠥᠨᠥᠳᠥᠷ ᠳᠡᠯᠡᠬᠡᠢ ᠢᠢᠨ ᠰᠢᠯᠢᠳᠡᠭ ᠰᠤᠷᠭᠠᠭᠤᠯᠢ ᠨᠤᠭᠤᠳ ᠲᠤ ᠲᠡᠩᠴᠡᠨ ᠰᠤᠷᠤᠯᠴᠠᠬᠤ ᠪᠠᠷ ᠪᠣᠯᠤᠭᠰᠠᠨ ᠰᠤᠷᠤᠭᠴᠢ᠂ ᠬᠡᠦᠬᠡᠳ ᠦᠳ ᠦᠨ ᠲᠥᠯᠥᠭᠡᠯᠡᠯ ᠲᠡᠢ ᠠᠭᠤᠯᠵᠠᠨ ᠪᠠᠶᠠᠷ ᠬᠦᠷᠭᠡᠪᠡ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠲᠡᠢ ᠠᠭᠤᠯᠵᠠᠭᠰᠠᠨ ᠬᠡᠦᠬᠡᠳ ᠦᠳ ᠨᠢ ᠬᠠᠷᠸᠠᠷᠳ᠋ ᠤᠨ ᠶᠡᠬᠡ ᠰᠤᠷᠭᠠᠭᠤᠯᠢ᠂ ᠺᠣᠯᠤᠮᠪᠤ ᠢᠢᠨ ᠶᠡᠬᠡ ᠰᠤᠷᠭᠠᠭᠤᠯᠢ᠂ ᠰᠲ᠋ᠧᠨ᠋ᠹᠣᠷᠳ᠋ ᠍ ᠤᠨ ᠶᠡᠬᠡ ᠰᠤᠷᠭᠠᠭᠤᠯᠢ᠂ ᠮᠠᠰᠰᠠᠴᠤᠢᠰᠧᠲ᠋ᠲ ᠤᠨ ᠲᠧᠭᠨᠣᠯᠣᠭᠢ ᠢᠢᠨ ᠢᠨᠰᠲ᠋ᠢᠲ᠋ᠤᠢᠲ ᠵᠡᠷᠭᠡ ᠳᠡᠯᠡᠬᠡᠢ ᠢᠢᠨ ᠰᠢᠯᠢᠳᠡᠭ ᠪᠣᠯᠪᠠᠰᠤᠷᠠᠯ ᠣᠯᠭᠤᠳᠠᠭ ᠰᠤᠷᠭᠠᠭᠤᠯᠢ ᠳᠤ ᠲᠡᠩᠴᠡᠨ ᠰᠤᠷᠤᠯᠴᠠᠬᠤ ᠭᠡᠵᠦ ᠪᠠᠢᠢᠭ᠎ᠠ ᠶᠤᠮ᠃ ᠵᠢᠱᠢᠶ᠎ᠡ ᠨᠢ᠂ ᠳᠡᠯᠡᠬᠡᠢ ᠢᠢᠨ ᠰᠢᠯᠢᠳᠡᠭ ᠶᠡᠬᠡ ᠰᠤᠷᠭᠠᠭᠤᠯᠢ ᠨᠤᠭᠤᠳ ᠤᠨ ᠵᠢᠭᠰᠠᠭᠠᠯᠲᠠ ᠢᠢ ᠲᠡᠷᠢᠭᠦᠯᠡᠳᠡᠭ ᠮᠠᠰᠰᠠᠴᠤᠢᠰᠧᠲ᠋ᠲ ᠤᠨ ᠲᠧᠭᠨᠣᠯᠣᠭᠢ ᠢᠢᠨ ᠢᠨᠰᠲ᠋ᠢᠲ᠋ᠤᠢᠲ  ᠲᠤ 100 ᠬᠤᠪᠢ ᠢᠢᠨ ᠲᠡᠳᠬᠦᠯᠭᠡ ᠪᠡᠷ ᠰᠤᠷᠤᠯᠴᠠᠬᠤ ᠪᠠᠷ ᠪᠣᠯᠤᠭᠰᠠᠨ ᠬᠥᠪᠰᠥᠭᠥᠯ ᠠᠢᠢᠮᠠᠭ ᠤᠨ ᠭᠠᠯᠲᠤ ᠰᠤᠮᠤ ᠢᠢᠨ ᠰᠤᠷᠤᠭᠴᠢ ᠰ ∙ ᠰᠤᠮᠢᠶᠠᠵᠠᠪ ᠺᠣᠮᠢᠫᠶᠦ᠋ᠲ᠋ᠧᠷ ᠤᠨ ᠰᠢᠨᠵᠢᠯᠡᠬᠦ ᠤᠬᠠᠭᠠᠨ ᠤ ᠴᠢᠭᠯᠡᠯ ᠢ ᠰᠣᠩ᠋ᠭᠣᠨ ᠰᠤᠷᠤᠯᠴᠠᠬᠤ ᠪᠠᠷ ᠪᠣᠯᠵᠠᠢ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠰᠤᠷᠤᠭᠴᠢᠳ ᠲᠤ ᠠᠮᠵᠢᠯᠲᠠ ᠬᠦᠰᠡᠭᠡᠳ ᠲᠡᠳᠬᠦᠯᠭᠡ ᠪᠣᠯ ᠬᠠᠷᠢᠭᠤᠴᠠᠯᠭ᠎ᠠ᠂ ᠵᠣᠷᠢᠯᠭ᠎ᠠ ᠭᠡᠳᠡᠭ ᠢ ᠲᠣᠳᠣᠳᠬᠠᠭᠠᠳ᠂ ᠤᠯᠤᠰ ᠤᠨ ᠢᠶᠠᠨ ᠨᠡᠷ᠎ᠡ ᠢᠢ ᠥᠨᠳᠥᠷ ᠲᠥ ᠡᠷᠭᠦᠬᠦ᠂ ᠡᠷᠳᠡᠮ ᠮᠡᠳᠡᠯᠭᠡ ᠪᠡᠷ ᠢᠶᠡᠨ ᠡᠬᠡ ᠣᠷᠣᠨ ᠤ ᠪᠠᠨ ᠢᠷᠡᠭᠡᠳᠦᠢ ᠢᠢᠨ ᠬᠥᠭ᠍ᠵᠢᠯ ᠳᠥ ᠬᠤᠪᠢ ᠨᠡᠮᠡᠷᠢ ᠣᠷᠣᠭᠤᠯᠬᠤ ᠢᠢ ᠬᠦᠰᠡᠵᠦ᠂ ᠰᠤᠷᠤᠭᠴᠢᠳ ᠲᠤ ᠠᠮᠵᠢᠯᠲᠠ ᠬᠦᠰᠡᠯ᠎ᠡ᠃