Та "Internet explorer"-ийн сүүлийн хувилбар болох "Microsoft edge"-г ашиглана уу

Хэрэв "Microsoft edge"-г татах бол энд дарж татаж авна уу

ᠪᠦᠬᠦ ᠴᠡᠷᠢᠭ ᠦᠨ ᠶᠡᠬᠡ ᠬᠠᠷ᠎ᠠ ᠰᠦᠯᠳᠡ ᠶᠢ ᠴᠡᠩᠭᠡᠭᠦᠯᠦᠨ  ᠲᠠᠶᠢᠬᠤ ᠶᠣᠰᠣᠯᠠᠯ ᠪᠣᠯᠤᠯ᠎ᠠ

ᠪᠢᠯᠢᠭ᠌ ᠦᠨ ᠲᠣᠭᠠᠯᠠᠯ ᠤᠨ XVII ᠵᠢᠷᠠᠨ ᠤ 《ᠤᠷᠪᠠᠭᠤᠯᠤᠭᠴᠢ》 ᠬᠡᠮᠡᠬᠦ ᠰᠢᠷᠠᠭᠴᠢᠨ ᠭᠠᠬᠠᠢ ᠵᠢᠯ ᠦᠨ ᠵᠤᠨ ᠤ ᠳᠤᠮᠳᠠ ᠰᠠᠷ᠎ᠠ ᠢᠢᠨ ᠰᠢᠨ᠎ᠡ ᠢᠢᠨ 03 ᠍ ᠤ ᠬᠣᠲᠠᠯᠠ ᠴᠢᠭᠤᠯᠭᠠᠨ ᠪᠠᠷᠢᠯᠳᠤᠯᠭ᠎ᠠ ᠲᠠᠢ ᠬᠥᠬᠡ ᠨᠣᠬᠠᠢ ᠡᠨᠡ ᠡᠳᠦᠷ ᠦᠨ ᠮᠣᠷᠢᠨ ᠴᠠᠭ ᠲᠤ ᠪᠦᠬᠦ ᠴᠡᠷᠢᠭ ᠦᠨ ᠶᠡᠬᠡ ᠬᠠᠷ᠎ᠠ ᠰᠦᠯᠳᠡ ᠢᠢ ᠴᠡᠩᠭᠡᠭᠦᠯᠦᠨ  ᠲᠠᠢᠢᠬᠤ ᠶᠣᠰᠣᠯᠠᠯ ᠲᠥᠪ ᠠᠢᠢᠮᠠᠭ ᠤᠨ ᠡᠷᠳᠡᠨᠢ ᠰᠤᠮᠤ ᠢᠢᠨ ᠨᠤᠲᠤᠭ᠂ ᠲᠤᠭ ᠰᠦᠯᠳᠡᠨ ᠦ ᠵᠣᠬᠢᠯᠳᠤᠯᠭ᠎ᠠ ᠲᠠᠢ ᠠᠭᠤᠢᠢᠳᠤ ᠠᠭᠤᠯᠠᠨ ᠳᠤ ᠪᠣᠯᠤᠯ᠎ᠠ᠃

 

ᠪᠦᠬᠦ ᠴᠡᠷᠢᠭ ᠦᠨ ᠶᠡᠬᠡ ᠬᠠᠷ᠎ᠠ ᠰᠦᠯᠳᠡ ᠢᠢ ᠴᠡᠩᠭᠡᠭᠦᠯᠦᠨ  ᠲᠠᠢᠢᠬᠤ ᠶᠣᠰᠣᠯᠠᠯ ᠳᠤ ᠮᠣᠩ᠋ᠭᠣᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠺᠣᠮᠠᠨ᠋ᠳ᠋ᠯᠠᠭᠴᠢ ᠬ ∙ ᠪᠠᠲᠤᠲᠤᠯᠭ᠎ᠠ᠂ ᠤᠯᠤᠰ ᠤᠨ ᠶᠡᠬᠡ ᠬᠤᠷᠠᠯ ᠢᠢᠨ ᠭᠡᠰᠢᠭᠦᠨ᠂ ᠪᠠᠲᠤᠯᠠᠨ ᠬᠠᠮᠠᠭᠠᠯᠠᠬᠤ ᠢᠢᠨ ᠰᠠᠢᠢᠳ ᠨ ∙ ᠡᠩᠬᠡᠪᠣᠯᠤᠳ᠂ ᠵᠡᠪᠰᠡᠭᠲᠦ ᠬᠦᠴᠦᠨ ᠦ ᠵᠠᠩᠵᠤᠨ ᠱᠲ᠋ᠠᠪ ᠍ ᠤᠨ ᠳᠠᠷᠤᠭ᠎ᠠ᠂ ᠬᠣᠰᠢᠭᠤᠴᠢ ᠭᠧᠨᠧᠷᠠᠯ ᠠ᠊ ∙ ᠭᠠᠩᠪᠠᠲᠤ ᠲᠡᠷᠢᠭᠦᠲᠡᠢ ᠵᠡᠪᠰᠡᠭᠲᠦ ᠬᠦᠴᠦᠨ ᠦ ᠤᠳᠤᠷᠢᠳᠬᠤ ᠪᠦᠷᠢᠯᠳᠦᠬᠦᠨ ᠣᠷᠣᠯᠴᠠᠵᠤ᠂ ᠠᠭᠤᠢᠢᠳᠤ ᠠᠭᠤᠯᠠ ᠢᠢᠨ ᠲᠠᠬᠢᠯᠭᠠᠳᠤ ᠣᠪᠣᠭᠠᠨ ᠳᠤ ᠶᠣᠰᠣᠯᠠᠯ ᠢ ᠡᠬᠢᠯᠡᠭᠦᠯᠦᠯ᠎ᠡ᠃

 

ᠮᠣᠩ᠋ᠭᠣᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠺᠣᠮᠠᠨ᠋ᠳ᠋ᠯᠠᠭᠴᠢ ᠬ ∙ ᠪᠠᠲᠤᠲᠤᠯᠭ᠎ᠠ ᠪᠣᠯᠤᠨ ᠪᠠᠲᠤᠯᠠᠨ ᠬᠠᠮᠠᠭᠠᠯᠠᠬᠤ ᠢᠢᠨ ᠰᠠᠢᠢᠳ᠂ ᠵᠡᠪᠰᠡᠭᠲᠦ ᠬᠦᠴᠦᠨ ᠦ ᠵᠠᠩᠵᠤᠨ ᠱᠲ᠋ᠠᠪ ᠤᠨ ᠳᠠᠷᠤᠭ᠎ᠠ ᠨᠠᠷ ᠠᠭᠤᠢᠢᠳᠤ ᠠᠭᠤᠯᠠ ᠢᠢᠨ ᠲᠠᠬᠢᠯᠭᠠᠳᠤ ᠣᠪᠣᠭᠠᠨ ᠳᠤ ᠬᠠᠳᠠᠭ ᠡᠷᠭᠦᠭ᠍ᠰᠡᠨ ᠢᠶᠡᠷ ᠶᠡᠬᠡ ᠬᠠᠷ᠎ᠠ ᠰᠦᠯᠳᠡ ᠢᠢ ᠲᠥᠷᠥ ᠢᠢᠨ ᠴᠡᠷᠢᠭ ᠦᠨ ᠳᠦᠷᠢᠮ ᠦᠨ ᠳᠠᠭᠠᠭᠤ ᠠᠭᠤᠢᠢᠳᠤ ᠠᠭᠤᠯᠠ ᠢᠢᠨ ᠣᠷᠭᠢᠯ ᠳᠤ᠂ ᠡᠮᠦᠨ᠎ᠡ᠂ ᠳᠣᠷᠣᠨ᠎ᠠ᠂ ᠥᠷᠥᠨ᠎ᠡ᠂ ᠤᠮᠠᠷ᠎ᠠ ᠢᠢᠨ ᠡᠯᠴᠢ ᠰᠦᠯᠳᠡ ᠢᠢᠨ ᠬᠠᠮᠲᠤ ᠲᠤᠰᠬᠠᠢᠢᠯᠠᠨ ᠵᠠᠰᠠᠭᠰᠠᠨ ᠰᠠᠭᠤᠳᠠᠯ ᠳᠤ ᠪᠠᠢᠢᠷᠢᠯᠠᠭᠤᠯᠵᠤ᠂ ᠴᠡᠩᠭᠡᠭᠦᠯᠦᠨ  ᠲᠠᠢᠢᠬᠤ ᠶᠣᠰᠣᠯᠠᠯ ᠦᠢᠯᠡᠳᠪᠡ᠃

 

ᠪᠦᠬᠦ ᠴᠡᠷᠢᠭ ᠦᠨ ᠶᠡᠬᠡ ᠬᠠᠷ᠎ᠠ ᠰᠦᠯᠳᠡᠨ ᠳᠥ ᠦᠴᠢᠯ ᠦᠴᠢᠵᠦ ᠪᠠᠢᠢᠬᠤ ᠦᠶ᠎ᠡ ᠪᠡᠷ ᠬᠠᠷᠪᠤᠭᠠᠴᠢ ᠲᠠᠢᠢᠯᠭ᠎ᠠ ᠢᠢᠨ ᠶᠡᠬᠡ ᠨᠤᠮᠤ ᠪᠠᠷ 《ᠥᠷᠢᠰᠬᠦ ᠳᠠᠢᠢᠰᠤᠨ ᠪᠣᠯᠭᠠᠨ ᠢ ᠡᠪᠦᠳᠦᠭ ᠰᠥᠭᠦᠳᠦᠭᠦᠯᠦᠨ ᠨᠣᠮᠣᠬᠠᠳᠬᠠᠵᠤ ᠪᠠᠢᠢᠨ᠎ᠠ》 ᠬᠡᠮᠡᠨ ᠰᠢᠪᠰᠢᠵᠦ᠂ ᠭᠤᠷᠪᠠᠨ ᠰᠤᠮᠤ ᠲᠠᠯᠪᠢᠬᠤ ᠵᠡᠷᠭᠡ ᠶᠣᠰᠣᠯᠠᠯ ᠪᠣᠯᠪᠠ᠃

 

ᠥᠴᠢᠯ ᠳᠠᠭᠤᠰᠬᠤ ᠳᠤ ᠮᠣᠩ᠋ᠭᠣᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠺᠣᠮᠠᠨ᠋ᠳ᠋ᠯᠠᠭᠴᠢ ᠬ ∙ ᠪᠠᠲᠤᠲᠤᠯᠭ᠎ᠠ ᠪᠦᠬᠦ ᠴᠡᠷᠢᠭ ᠦᠨ ᠶᠡᠬᠡ ᠬᠠᠷ᠎ᠠ ᠰᠦᠯᠳᠡᠨ ᠳᠥ ᠰᠢᠭᠦᠰᠦ ᠡᠷᠭᠦᠵᠦ᠂ ᠮᠥᠷᠭᠥᠯ᠎ᠡ᠃ ᠲᠥᠷᠦ ᠢᠢᠨ ᠬᠣᠨᠵᠢᠨ ᠤ ᠺᠣᠮᠠᠨ᠋ᠳ᠋ ᠢᠶᠠᠷ ᠵᠡᠪᠰᠡᠭᠲᠦ ᠬᠦᠴᠦᠨ ᠦ ᠵᠠᠩᠵᠤᠨ ᠱᠲ᠋ᠠᠪ ᠤᠨ ᠳᠠᠷᠤᠭ᠎ᠠ᠂ ᠬᠣᠰᠢᠭᠤᠴᠢ ᠭᠧᠨᠧᠷᠠᠯ ᠠ᠊ ∙ ᠭᠠᠩᠪᠠᠲᠤ ᠴᠡᠷᠢᠭ ᠦᠨ ᠲᠠᠩ᠋ᠭᠠᠷᠢᠭ ᠤᠩᠰᠢᠵᠤ᠂ ᠣᠷᠣᠯᠴᠠᠭᠴᠢᠳ ᠳᠠᠪᠲᠠᠨ ᠬᠡᠯᠡᠪᠡ᠃

 

ᠳᠠᠷᠠᠭ᠎ᠠ ᠨᠢ ᠮᠣᠩ᠋ᠭᠣᠯ ᠤᠯᠤᠰ ᠤᠨ ᠲᠥᠷᠥ ᠢᠢᠨ ᠳᠠᠭᠤᠯᠠᠯ ᠡᠭᠡᠰᠢᠭᠯᠡᠵᠦ᠂ ᠮᠣᠩ᠋ᠭᠣᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠺᠣᠮᠠᠨ᠋ᠳ᠋ᠯᠠᠭᠴᠢ ᠬ ∙ ᠪᠠᠲᠤᠲᠤᠯᠭ᠎ᠠ᠂ ᠪᠠᠲᠤᠯᠠᠨ ᠬᠠᠮᠠᠭᠠᠯᠠᠬᠤ ᠢᠢᠨ ᠰᠠᠢᠢᠳ ᠨ ∙ ᠡᠩᠬᠡᠪᠣᠯᠤᠳ᠂ ᠵᠡᠪᠰᠡᠭᠲᠦ ᠬᠦᠴᠦᠨ ᠦ ᠵᠠᠩᠵᠤᠨ ᠱᠲ᠋ᠠᠪ ᠤᠨ ᠳᠠᠷᠤᠭ᠎ᠠ᠂ ᠬᠣᠰᠢᠭᠤᠴᠢ ᠭᠧᠨᠧᠷᠠᠯ ᠠ᠊ ∙ ᠭᠠᠩᠪᠠᠲᠤ ᠨᠠᠷ ᠪᠦᠬᠦ ᠴᠡᠷᠢᠭ ᠦᠨ ᠶᠡᠬᠡ ᠬᠠᠷ᠎ᠠ ᠰᠦᠯᠳᠡᠨ ᠳᠥ ᠰᠥᠭᠥᠳᠦᠨ ᠠᠳᠢᠰ ᠠᠪᠤᠪᠠ᠃ ᠲᠠᠢᠢᠯᠭ᠎ᠠ ᠳᠤ ᠣᠷᠣᠯᠴᠠᠭᠴᠢᠳ ᠮᠥᠨ ᠡᠨᠡ ᠶᠣᠰᠣ ᠢᠢ ᠦᠢᠯᠡᠳᠴᠦ ᠶᠡᠬᠡ ᠬᠠᠷ᠎ᠠ ᠰᠦᠯᠳᠡ ᠢᠢ ᠴᠡᠩᠭᠡᠭᠦᠯᠦᠨ  ᠲᠠᠢᠢᠬᠤ ᠲᠠᠢᠢᠯᠭ᠎ᠠ ᠢᠢᠨ ᠶᠣᠰᠣᠯᠠᠯ ᠥᠨᠳᠦᠷᠯᠡᠪᠡ᠃

 

《ᠪᠦᠬᠦ ᠴᠡᠷᠢᠭ ᠦᠨ ᠶᠡᠬᠡ ᠬᠠᠷ᠎ᠠ ᠰᠦᠯᠳᠡ ᠢᠢ ᠲᠤᠭᠤᠷᠭ᠎ᠠ ᠲᠤᠰᠠᠭᠠᠷ ᠮᠣᠩ᠋ᠭᠣᠯ ᠤᠯᠤᠰ ᠤᠨ ᠲᠥᠷᠦ᠂ ᠴᠡᠷᠢᠭ ᠦᠨ ᠰᠦᠷ ᠬᠦᠴᠦᠨ ᠦ ᠪᠡᠯᠭᠡᠳᠡᠯ᠂ ᠰᠦᠰᠦᠭᠯᠡᠨ ᠳᠡᠭᠡᠳᠦᠯᠡᠬᠦ ᠣᠷᠣᠢ ᠢᠢᠨ ᠳᠡᠭᠡᠳᠦ ᠰᠢᠲᠦᠭᠡᠨ ᠭᠡᠵᠦ ᠦᠵᠡᠳᠡᠭ᠃ ᠪᠦᠬᠦ ᠴᠡᠷᠢᠭ ᠦᠨ ᠬᠠᠷ᠎ᠠ ᠰᠦᠯᠳᠡ ᠢᠢ ᠴᠡᠩᠭᠡᠭᠦᠯᠬᠦ ᠲᠠᠢᠢᠯᠭ᠎ᠠ᠂ ᠴᠠᠭᠠᠯᠠᠬᠤ ᠲᠠᠢᠢᠯᠭ᠎ᠠ ᠭᠡᠵᠦ ᠪᠤᠢ᠃

 

ᠴᠡᠩᠭᠡᠭᠦᠯᠬᠦ ᠲᠠᠢᠢᠯᠭ᠎ᠠ ᠢᠢ ᠬᠣᠶᠠᠷ ᠵᠢᠯ ᠳᠥ ᠨᠢᠭᠡ ᠤᠳᠠᠭ᠎ᠠ᠂ ᠵᠤᠨ ᠤ ᠳᠤᠮᠳᠠ ᠰᠠᠷ᠎ᠠ ᠳᠤ ᠲᠤᠭ ᠰᠦᠯᠳᠡᠨ ᠦ ᠵᠣᠬᠢᠯᠳᠤᠯᠭ᠎ᠠ ᠲᠠᠢ ᠡᠳᠦᠷ ᠬᠢᠳᠡᠭ ᠪᠣᠯ ᠴᠠᠭᠠᠯᠠᠬᠤ ᠲᠠᠢᠢᠯᠭ᠎ᠠ ᠢᠢ ᠵᠢᠯ ᠪᠦᠷᠢ ᠢᠢᠨ ᠬᠠᠪᠤᠷ ᠤᠨ ᠲᠡᠷᠢᠭᠦᠨ ᠰᠠᠷ᠎ᠠ ᠢᠢᠨ ᠰᠢᠨ᠎ᠡ ᠢᠢᠨ ᠭᠤᠷᠪᠠᠨ ᠳᠤ ᠥᠷᠭᠦᠭᠡᠨ ᠳᠥ ᠨᠢ ᠵᠣᠬᠢᠶᠠᠨ ᠪᠠᠢᠢᠭᠤᠯᠳᠠᠭ ᠶᠤᠮ᠃

 

ᠬᠠᠷ᠎ᠠ ᠰᠦᠯᠳᠡ ᠢᠢ ᠴᠡᠩᠭᠡᠭᠦᠯᠬᠦ ᠲᠠᠢᠢᠯᠭ᠎ᠠ ᠢᠢ ᠲᠥᠪ ᠠᠢᠢᠮᠠᠭ ᠤᠨ ᠡᠷᠳᠡᠨᠢ ᠰᠤᠮᠤ ᠢᠢᠨ ᠨᠤᠲᠤᠭ᠂ ᠲᠤᠭ ᠰᠦᠯᠳᠡᠨ ᠦ ᠵᠣᠬᠢᠯᠳᠤᠯᠭ᠎ᠠ ᠲᠠᠢ 《ᠠᠭᠤᠢᠢᠳᠤ》 ᠠᠭᠤᠯᠠᠨ ᠳᠤ ᠦᠢᠯᠡᠳᠴᠦ ᠪᠠᠢᠢᠨ᠎ᠠ᠃ ᠡᠨᠡ ᠬᠦ ᠠᠭᠤᠯᠠᠨ ᠨᠢ ᠪᠠᠶᠠᠨᠵᠢᠷᠦᠬᠡ ᠬᠠᠢᠢᠷᠬᠠᠨ ᠤ ᠰᠠᠯᠪᠤᠷᠢ ᠠᠭᠤᠯᠠ ᠶᠤᠮ᠃ ᠡᠨᠡ ᠪᠣᠯ ᠲᠡᠦᠬᠡᠨ ᠳᠤᠷᠠᠰᠬᠠᠯ ᠲᠠᠢ᠂ ᠲᠡᠦᠬᠡᠨ ᠳᠥ ᠬᠣᠯᠪᠣᠭᠳᠠᠬᠤ ᠣᠯᠠᠨ ᠪᠠᠷᠢᠮᠲᠠ ᠲᠠᠢ ᠨᠤᠲᠤᠭ ᠶᠤᠮ᠃ ᠠᠷᠤ ᠳᠤ ᠨᠢ ᠴᠢᠩᠭᠢᠰ ᠠᠭᠤᠯᠠ᠂ ᠲᠤᠯᠭᠠᠳᠤ ᠭᠤᠷᠪᠠᠨ ᠭᠠᠴᠠᠭ᠎ᠠ ᠪᠤᠶᠤ ᠲᠤᠯᠤᠢ ᠢᠢᠨ ᠲᠦᠷᠦᠭᠰᠡᠨ ᠭᠠᠵᠠᠷ ᠪᠤᠢ ᠭᠡᠳᠡᠭ᠃ ᠡᠨᠡ ᠬᠠᠪᠢ ᠳᠤ ᠴᠢᠩᠭᠢᠰ ᠬᠠᠭᠠᠨ ᠤ ᠲᠦᠮᠡᠨ ᠬᠡᠰᠢᠭᠲᠡᠨ ᠴᠡᠷᠢᠭ ᠦᠳ ᠪᠠᠢᠢᠷᠢᠯᠠᠵᠤ ᠪᠠᠢᠢᠭᠰᠠᠨ᠂ ᠶᠡᠬᠡ ᠬᠠᠭᠠᠨ ᠤ ᠲᠠᠰᠢᠭᠤᠷ ᠣᠯᠳᠠᠭᠰᠠᠨ ᠭᠠᠵᠠᠷ ᠭᠡᠵᠦ ᠲᠡᠦᠬᠡᠨ ᠳᠥ ᠲᠡᠮᠳᠡᠭᠯᠡᠭᠳᠡᠭᠰᠡᠨ ᠣᠨᠴᠠᠯᠢᠭ ᠲᠠᠢ ᠭᠠᠵᠠᠷ ᠶᠤᠮ᠃