ᠠᠽᠢᠶ᠎ᠠ ᠢᠢᠨ ᠪᠤᠳ᠋ᠳ᠋ᠾᠢᠰᠲ ᠤᠳ ᠤᠨ ᠡᠩᠬᠡ ᠲᠠᠢᠢᠪᠤᠩ ᠤᠨ ᠪᠠᠭ᠎ᠠ ᠬᠤᠷᠠᠯ ᠤᠨ XI ᠶᠡᠷᠦᠩᠬᠡᠢ ᠴᠢᠭᠤᠯᠭᠠᠨ ᠡᠨᠡ ᠰᠠᠷ᠎ᠠ ᠢᠢᠨ 21-23 ᠍ ᠤ ᠡᠳᠦᠷ ᠦᠳ ᠲᠥ ᠤᠯᠠᠭᠠᠨᠪᠠᠭᠠᠲᠤᠷ ᠬᠣᠲᠠ ᠳᠤ ᠪᠣᠯᠵᠤ ᠪᠠᠢᠢᠨ᠎ᠠ᠃
ᠪᠠᠭ᠎ᠠ ᠬᠤᠷᠠᠯ ᠤᠨ ᠨᠡᠭᠡᠭᠡᠯᠲᠡ ᠥᠨᠥᠳᠥᠷ ᠮᠣᠩ᠋ᠭᠣᠯ ᠤᠨ ᠪᠤᠷᠬᠠᠨ ᠱᠠᠰᠢᠨᠲᠠᠨ ᠤ ᠲᠥᠪ ᠭᠠᠨᠳᠠᠩᠳᠡᠭᠴᠢᠩᠯᠢᠩ ᠬᠡᠢᠢᠳ ᠦᠨ ᠪᠠᠲᠤᠴᠠᠭᠠᠨ ᠴᠣᠭᠴᠢᠨ ᠳᠤᠭᠠᠩ ᠤᠨ ᠡᠮᠦᠨᠡᠬᠢ ᠲᠠᠯᠠᠪᠠᠢ ᠳᠤ ᠪᠣᠯᠵᠤ᠂ ᠡᠨᠡᠳᠬᠡᠭ᠌᠂ ᠰᠣᠯᠣᠩ᠋ᠭᠣᠰ᠂ ᠣᠷᠣᠰ᠂ ᠱᠷᠢ-ᠯᠠᠨᠺᠠ᠂ ᠶᠠᠫᠣᠨ ᠵᠡᠷᠭᠡ ᠤᠯᠤᠰ ᠣᠷᠣᠨ ᠨᠤᠭᠤᠳ ᠤᠨ 14 ᠦᠨᠳᠦᠰᠦᠲᠡᠨ ᠦ 150 ᠭᠠᠷᠤᠢ ᠵᠣᠴᠢᠨ᠂ ᠲᠥᠯᠥᠭᠡᠯᠡᠭᠴᠢ᠂ ᠰᠦᠰᠦᠭᠲᠡᠨ ᠣᠯᠠᠨ ᠣᠷᠣᠯᠴᠠᠯ᠎ᠠ᠃
ᠠᠽᠢᠶ᠎ᠠ ᠢᠢᠨ ᠪᠤᠳ᠋ᠳ᠋ᠾᠢᠰᠲ ᠤᠳ ᠤᠨ ᠡᠩᠬᠡ ᠲᠠᠢᠢᠪᠤᠩ ᠤᠨ ᠪᠠᠭ᠎ᠠ ᠬᠤᠷᠠᠯ ᠡᠩᠬᠡ ᠲᠠᠢᠢᠪᠤᠩ ᠤᠨ ᠢ ᠳᠡᠯᠡᠬᠡᠢ ᠨᠡᠢᠢᠲᠡ ᠳᠥ ᠲᠤᠩᠬᠠᠭᠯᠠᠬᠤ ᠢᠢᠨ ᠲᠥᠯᠥᠭᠡ 1970 ᠣᠨ ᠠᠴᠠ ᠬᠣᠢᠢᠰᠢ 10 ᠤᠳᠠᠭ᠎ᠠ ᠬᠤᠷᠠᠯᠳᠤᠵᠠᠢ᠃ ᠮᠥᠨ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠳᠥ ᠪᠦᠷᠢᠳᠬᠡᠯ ᠲᠡᠢ ᠴᠥᠭᠡᠨ ᠱᠠᠰᠢᠨ ᠤ ᠪᠠᠢᠢᠭᠤᠯᠤᠭᠠ ᠢᠢᠨ ᠨᠢᠭᠡ ᠪᠥᠭᠡᠳ ᠨᠢᠭᠡᠳᠦᠭᠰᠡᠨ ᠤᠳᠤᠷᠢᠳᠤᠯᠭ᠎ᠠ ᠢᠢᠨ ᠲᠥᠪ ᠨᠢ ᠮᠣᠩ᠋ᠭᠣᠯ ᠤᠯᠤᠰ ᠲᠤ ᠪᠠᠢᠢᠷᠢᠯᠠᠨ ᠭᠠᠨᠳᠠᠩᠳᠡᠭᠴᠢᠩᠯᠢᠩ ᠬᠡᠢᠢᠳ ᠦᠨ ᠲᠡᠷᠢᠭᠦᠨ ᠶᠡᠬᠡ ᠬᠠᠩᠪᠤ ᠯᠠᠮᠠ᠂ ᠭᠠᠪᠵᠤ ᠳ ∙ ᠴᠣᠢᠢᠵᠠᠮᠰᠤ ᠶᠡᠷᠦᠩᠬᠡᠢᠢᠯᠡᠭᠴᠢ ᠪᠡᠷ ᠨᠢ ᠠᠵᠢᠯᠯᠠᠳᠠᠭ ᠶᠤᠮ᠃
ᠡᠨᠡ ᠤᠳᠠᠭ᠎ᠠ ᠢᠢᠨ XI ᠶᠡᠷᠦᠩᠬᠡᠢ ᠴᠢᠭᠤᠯᠭᠠᠨ ᠢ ᠮᠣᠩ᠋ᠭᠣᠯ ᠤᠯᠤᠰ ᠤᠨ ᠨᠡᠢᠢᠰᠯᠡᠯ ᠤᠯᠠᠭᠠᠨᠪᠠᠭᠠᠲᠤᠷ ᠬᠣᠲᠠ ᠳᠤ 《ᠰᠡᠷᠭᠦᠭᠡᠶ᠎ᠡ ᠤᠷᠤᠭᠰᠢᠯᠠᠶ᠎ᠠ》 ᠤᠷᠢᠶ᠎ᠠ ᠲᠠᠢ ᠪᠠᠷ 50 ᠵᠢᠯ ᠦᠨ ᠲᠡᠦᠬᠡᠨ ᠣᠢ ᠢᠢ ᠲᠣᠬᠢᠶᠠᠯᠳᠤᠭᠤᠯᠤᠨ ᠵᠣᠬᠢᠶᠠᠨ ᠪᠠᠢᠢᠭᠤᠯᠬᠤ ᠠᠴᠠ ᠭᠠᠳᠠᠨ᠎ᠠ ᠡᠨᠡ ᠰᠠᠷ᠎ᠠ ᠢᠢᠨ 22-23 ᠍ ᠳᠥ ᠴᠢᠭᠤᠯᠭᠠᠨ ᠤ ᠬᠦᠷᠢᠶᠡᠨ ᠳᠥ 《XXI ᠵᠠᠭᠤᠨ ᠤ ᠪᠤᠳ᠋ᠳ᠋ᠾᠠ ᠢᠢᠨ ᠥᠪ ᠰᠤᠶᠤᠯ᠂ ᠦᠨᠡᠲᠦ ᠵᠦᠢᠯᠡᠰ》 ᠰᠡᠳᠦᠪᠲᠦ ᠣᠯᠠᠨ ᠤᠯᠤᠰ ᠤᠨ ᠡᠷᠳᠡᠮ ᠰᠢᠨᠵᠢᠯᠡᠭᠡᠨ ᠦ ᠬᠤᠷᠠᠯ ᠪᠣᠯᠬᠤ ᠶᠤᠮ ᠪᠠᠢᠢᠨ᠎ᠠ᠃
ᠠᠽᠢᠶ᠎ᠠ ᠢᠢᠨ ᠪᠤᠳ᠋ᠳ᠋ᠾᠢᠰᠲ ᠤᠳ ᠤᠨ ᠡᠩᠬᠡ ᠲᠠᠢᠢᠪᠤᠩ ᠤᠨ ᠪᠠᠭ᠎ᠠ ᠬᠤᠷᠠᠯ ᠤᠨ ᠨᠡᠭᠡᠭᠡᠯᠳᠡ ᠢᠢᠨ ᠦᠢ᠎ᠡ ᠪᠡᠷ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠮᠡᠨᠳᠦᠴᠢᠯᠡᠭᠡ ᠳᠡᠪᠰᠢᠭᠦᠯᠦᠯᠵᠦ᠄
《ᠠᠽᠢᠶ᠎ᠠ ᠢᠢᠨ ᠪᠤᠳ᠋ᠳ᠋ᠾᠢᠰᠲ ᠤᠳ ᠤᠨ ᠡᠩᠬᠡ ᠲᠠᠢᠢᠪᠤᠩ ᠤᠨ ᠪᠠᠭ᠎ᠠ ᠬᠤᠷᠠᠯ ᠤᠨ XI ᠶᠡᠷᠦᠩᠬᠡᠢ ᠴᠢᠭᠤᠯᠭᠠᠨ ᠤ ᠲᠥᠯᠥᠭᠡᠯᠡᠭᠴᠢᠳ᠂ ᠬᠦᠨᠳᠦᠲᠦ ᠵᠣᠴᠢᠳ᠂ ᠡᠷᠬᠢᠮ ᠯᠠᠮᠠ ᠬᠤᠸᠠᠷᠠᠭ ᠤᠳ ᠲᠠᠭᠠᠨ ᠡᠨᠡ ᠡᠳᠦᠷ ᠦᠨ ᠮᠡᠨᠳᠦ ᠬᠦᠷᠭᠡᠶ᠎ᠡ᠃
ᠬᠦᠮᠦᠨ ᠲᠥᠷᠥᠯᠬᠢᠲᠡᠨ ᠦ ᠣᠷᠣᠰᠢᠬᠤᠢ ᠢᠢᠨ ᠬᠠᠮᠤᠭ ᠤᠨ ᠦᠨᠡᠲᠦ ᠵᠦᠢᠯ ᠪᠣᠯᠤᠭᠰᠠᠨ ᠡᠩᠬᠡ ᠲᠠᠢᠢᠪᠤᠩ ᠤᠨ ᠢ ᠰᠠᠬᠢᠨ ᠬᠠᠮᠠᠭᠠᠯᠠᠬᠤ ᠳᠤ ᠪᠤᠷᠬᠠᠨ ᠤ ᠠᠷᠢᠭᠤᠨ ᠰᠤᠷᠭᠠᠯ ᠤᠨ ᠴᠣᠭᠴᠠ ᠪᠤᠳ᠋ᠳ᠋ᠾᠠᠢᠢᠰᠮ ᠤᠨ ᠦᠵᠡᠯ ᠨᠣᠮᠯᠠᠯ ᠢ ᠳᠡᠯᠡᠬᠡᠢ ᠳᠠᠬᠢᠨ᠎ᠠ ᠲᠦᠭᠡᠭᠡᠨ ᠳᠡᠯᠭᠡᠷᠡᠭᠦᠯᠵᠦ᠂ ᠡᠷᠳᠡᠮ ᠮᠡᠳᠡᠯᠭᠡ᠂ ᠡᠨᠡᠷᠢᠯ ᠨᠢᠭᠦᠰᠡᠯ ᠢ ᠡᠷᠬᠢᠮᠯᠡᠨ᠂ ᠤᠯᠠᠮᠵᠢᠯᠠᠯᠲᠤ ᠥᠪ ᠰᠤᠶᠤᠯ ᠢᠶᠠᠨ ᠳᠡᠭᠡᠳᠦᠯᠡᠨ ᠬᠥᠭ᠍ᠵᠢᠭᠦᠯᠬᠦ ᠠᠽᠢᠶ᠎ᠠ ᠢᠢᠨ ᠤᠯᠤᠰ ᠣᠷᠣᠨ ᠨᠤᠭᠤᠳ ᠤᠨ ᠡᠷᠡᠮᠡᠯᠵᠡᠯ᠂ ᠡᠪ ᠰᠠᠨᠠᠭᠠᠨ ᠳᠣᠣᠷ᠎ᠠ ᠨᠢᠭᠡᠳᠴᠦ ᠠᠩᠬ᠎ᠠ ᠴᠢᠭᠤᠯᠤᠭᠰᠠᠨ ᠠᠽᠢᠶ᠎ᠠ ᠢᠢᠨ ᠪᠤᠳ᠋ᠳ᠋ᠾᠢᠰᠲ ᠤᠳ ᠤᠨ ᠡᠩᠬᠡ ᠲᠠᠢᠢᠪᠤᠩ ᠤ ᠪᠠᠭ᠎ᠠ ᠬᠤᠷᠠᠯ ᠤᠨ 50 ᠵᠢᠯ ᠦᠨ ᠣᠢ ᠥᠨᠥᠳᠥᠷ ᠲᠣᠬᠢᠶᠠᠵᠤ ᠪᠠᠢᠢᠨ᠎ᠠ᠃ ᠲᠤᠰ ᠬᠤᠷᠠᠯ ᠢ 1969 ᠣᠨ ᠤ 7 ᠳ᠋ᠤᠭᠠᠷ ᠰᠠᠷ᠎ᠠ ᠢᠢᠨ 14 ᠍ ᠦ ᠡᠳᠦᠷ ᠡᠭᠦᠰᠬᠡᠨ ᠪᠠᠢᠢᠭᠤᠯᠬᠤ ᠰᠢᠢᠳᠪᠦᠷᠢ ᠭᠠᠷᠴᠤ᠂ ᠠᠩᠬᠠᠨ ᠤ ᠬᠤᠷᠠᠯ ᠢᠶᠠᠨ 1970 ᠣᠨ ᠳᠤ ᠮᠣᠩ᠋ᠭᠣᠯ ᠤᠯᠤᠰ ᠤᠨ ᠨᠡᠢᠢᠰᠯᠡᠯ ᠤᠯᠠᠭᠠᠨᠪᠠᠭᠠᠲᠤᠷ ᠬᠣᠲᠠᠨ᠎ᠠ ᠵᠣᠬᠢᠶᠠᠨ ᠪᠠᠢᠢᠭᠤᠯᠤᠭᠰᠠᠨ ᠪᠥᠭᠡᠳ ᠠᠩᠬᠠᠨ ᠤ ᠶᠡᠷᠦᠩᠬᠡᠢᠢᠯᠡᠭᠴᠢ ᠪᠡᠷ ᠨᠢ ᠮᠣᠩ᠋ᠭᠣᠯ ᠤᠯᠤᠰ ᠤᠨ ᠢᠷᠭᠡᠨ᠂ ᠨᠣᠮᠴᠢ ᠮᠡᠷᠭᠡᠨ ᠭᠠᠪᠵᠤ᠂ ᠬᠠᠩᠪᠤ ᠯᠠᠮᠠ ᠰᠠᠮᠠ ᠢᠢᠨ ᠭᠣᠮᠪᠣᠵᠠᠪ ᠰᠣᠩ᠋ᠭᠣᠭᠳᠠᠨ 20 ᠭᠠᠷᠤᠢ ᠵᠢᠯ ᠠᠵᠢᠯᠯᠠᠭᠰᠠᠨ ᠲᠡᠦᠬᠡ ᠲᠡᠢ ᠪᠠᠢᠢᠳᠠᠭ ᠶᠤᠮ ᠪᠠᠢᠢᠨ᠎ᠠ᠃
ᠮᠣᠩ᠋ᠭᠣᠯ ᠤᠯᠤᠰ ᠤᠨ ᠲᠥᠷᠥ ᠵᠠᠰᠠᠭ ᠠᠴᠠ ᠠᠽᠢᠶ᠎ᠠ ᠢᠢᠨ ᠪᠤᠳ᠋ᠳ᠋ᠾᠢᠰᠲ ᠤᠳ ᠤᠨ ᠡᠩᠬᠡ ᠲᠠᠢᠢᠪᠤᠩ ᠤᠨ ᠪᠠᠭ᠎ᠠ ᠬᠤᠷᠠᠯ ᠢ ᠢᠮᠠᠭᠲᠠ ᠳᠡᠮᠵᠢᠭᠰᠡᠨ ᠶᠠᠪᠤᠳᠠᠯ ᠨᠢ ᠲᠤᠰ ᠬᠤᠷᠠᠯ ᠳᠠᠶᠠᠩ ᠳᠡᠯᠡᠬᠡᠢ ᠢᠢᠨ ᠡᠩᠬᠡ ᠲᠠᠢᠢᠪᠤᠩ ᠤᠨ ᠦᠢᠯᠡᠰ ᠲᠥ ᠦᠨᠡᠲᠡᠢ ᠬᠤᠪᠢ ᠨᠡᠮᠡᠷᠢ ᠣᠷᠣᠭᠤᠯᠤᠭᠰᠠᠨ ᠠᠴᠠ ᠭᠠᠳᠠᠨ᠎ᠠ ᠡᠩᠬᠡ ᠲᠠᠢᠢᠪᠤᠩ ᠤᠨ ᠢ ᠳᠡᠯᠡᠬᠡᠢ ᠨᠡᠢᠢᠲᠡ ᠳᠥ ᠲᠤᠩᠬᠠᠭᠯᠠᠬᠤ ᠢᠢᠨ ᠲᠥᠯᠦᠭᠡᠬᠢ ᠮᠣᠩ᠋ᠭᠣᠯᠴᠤᠳ ᠤᠨ ᠣᠷᠣᠭᠤᠯᠵᠤ ᠪᠤᠢ ᠴᠢᠬᠤᠯᠠ ᠬᠤᠪᠢ ᠨᠡᠮᠡᠷᠢ ᠪᠠᠢᠢᠭᠰᠠᠨ ᠪᠥᠭᠡᠳ ᠡᠨᠡᠬᠦ ᠣᠷᠣᠯᠴᠠᠭ᠎ᠠ ᠥᠨᠥᠳᠥᠷ ᠴᠤ ᠦᠭᠡᠢᠢᠯᠡᠭᠳᠡᠬᠦ ᠦᠨ᠎ᠡ ᠴᠡᠨ᠎ᠡ ᠲᠡᠢ ᠬᠡᠪ ᠢᠶᠡᠷ ᠪᠠᠢᠢᠨ᠎ᠠ᠃
1970 ᠣᠨ ᠠᠴᠠ ᠬᠣᠢᠢᠰᠢ ᠠᠽᠢᠶ᠎ᠠ ᠢᠢᠨ ᠪᠤᠳ᠋ᠳ᠋ᠾᠢᠰᠲ ᠤᠳ ᠤᠨ ᠡᠩᠬᠡ ᠲᠠᠢᠢᠪᠤᠩ ᠤᠨ ᠪᠠᠭ᠎ᠠ ᠬᠤᠷᠠᠯ 10 ᠤᠳᠠᠭ᠎ᠠ ᠬᠤᠷᠠᠯᠳᠤᠭᠰᠠᠨ ᠪᠠᠢᠢᠳᠠᠭ ᠪᠥᠭᠡᠳ 1972 ᠣᠨ ᠳᠤ ᠱᠷᠢ ᠯᠠᠨᠺᠠ ᠤᠯᠤᠰ ᠲᠤ᠂ 1974 ᠣᠨ ᠳᠤ ᠡᠨᠡᠳᠬᠡᠭ᠌ ᠲᠥ᠂ 1976 ᠣᠨ ᠳᠤ ᠶᠠᠫᠣᠨ ᠳᠤ᠂ 1979᠂ 1982 ᠣᠨ ᠳᠤ ᠮᠣᠩ᠋ᠭᠣᠯ ᠳᠤ᠂ 1986 ᠣᠨ ᠳᠤ ᠯᠠᠣᠰ ᠲᠤ᠂ 1990᠂ 1998 ᠣᠨ ᠳᠤ ᠮᠣᠩ᠋ᠭᠣᠯ ᠳᠤ᠂ 2003 ᠣᠨ ᠳᠤ ᠯᠠᠣᠰ ᠲᠤ ᠲᠤᠰ ᠲᠤᠰ ᠬᠤᠷᠠᠯᠳᠤᠵᠤ ᠡᠩᠬᠡ ᠲᠠᠢᠢᠪᠤᠩ ᠡᠪ ᠨᠢᠭᠡᠳᠦᠯ ᠡᠨᠡᠷᠢᠩᠭᠦᠢ ᠦᠢᠯᠡᠰ ᠦᠨ ᠲᠤᠩᠬᠠᠭᠯᠠᠯ ᠢᠢᠠᠨ ᠳᠡᠯᠡᠬᠡᠢ ᠢᠢᠨ ᠰᠣᠨᠣᠷ ᠲᠤ ᠬᠦᠷᠭᠡᠭ᠍ᠰᠡᠨ ᠢ ᠳᠤᠷᠠᠳᠤᠨ ᠰᠠᠨᠠᠬᠤ ᠳᠤ ᠢᠯᠡᠭᠦᠳᠡᠬᠦ ᠦᠭᠡᠢ ᠡ᠃
ᠠᠽᠢᠶ᠎ᠠ ᠢᠢᠨ ᠪᠥᠰᠡ ᠨᠤᠲᠤᠭ ᠲᠤ ᠲᠡᠳᠦᠢ ᠦᠭᠡᠢ ᠳᠡᠯᠡᠬᠡᠢ ᠢᠢᠨ ᠶᠡᠨᠳᠡᠷ ᠲᠥ ᠥᠪᠡᠷ ᠦᠨ ᠳᠠᠭᠤ ᠬᠣᠭᠣᠯᠠᠢ ᠢᠢ ᠡᠢᠢᠨ ᠬᠦ ᠬᠦᠷᠭᠡᠵᠦ ᠴᠢᠳᠠᠭᠰᠠᠨ ᠲᠤᠰ ᠬᠤᠷᠠᠯ ᠨᠢ ᠬᠦᠢᠲᠡᠨ ᠳᠠᠢᠢᠨ ᠤ ᠬᠦᠨᠳᠦ ᠬᠡᠴᠡᠭᠦᠦ ᠦᠶ᠎ᠡ ᠳᠥ ᠪᠤᠷᠬᠠᠨ ᠪᠤᠳᠤᠳᠠᠭ ᠤᠨ ᠬᠦᠮᠦᠯᠢᠭ᠂ ᠡᠨᠡᠷᠢᠩᠭᠦᠢ ᠰᠤᠷᠭᠠᠯ ᠨᠣᠮᠯᠠᠯ ᠢ ᠭᠣᠣᠯ ᠪᠠᠷᠢᠮᠲᠠᠯᠠᠯ ᠢᠶᠠᠨ ᠪᠣᠯᠭᠠᠵᠤ ᠬᠦᠮᠦᠨ ᠦ ᠡᠷᠬᠡ᠂ ᠡᠷᠬᠡ ᠴᠢᠯᠦᠭᠡ᠂ ᠤᠯᠤᠰ ᠬᠣᠭᠣᠷᠣᠨᠳᠣ ᠢᠢᠨ ᠡᠪ ᠨᠢᠭᠡᠳᠦᠯ᠂ ᠤᠯᠤᠰ ᠣᠷᠣᠨ ᠨᠤᠭᠤᠳ ᠤᠨ ᠰᠤᠶᠤᠯ ᠪᠣᠯᠪᠠᠰᠤᠷᠠᠯ᠂ ᠡᠳ᠋ ᠍ ᠦᠨ ᠵᠠᠰᠠᠭ ᠤᠨ ᠤᠷᠲᠤ ᠬᠤᠭᠤᠴᠠᠭᠠᠨ ᠤ ᠬᠠᠮᠲᠤ ᠢᠢᠨ ᠠᠵᠢᠯᠯᠠᠭᠠᠨ ᠳᠤ ᠰᠢᠨᠡᠯᠢᠭ ᠭᠡᠭᠡᠯᠭᠡ ᠭᠠᠷᠴᠠ ᠪᠣᠯᠤᠮᠵᠢ ᠲᠡᠰᠢ ᠴᠢᠭᠯᠡᠭᠦᠯᠦᠨ ᠵᠢᠭᠠᠵᠤ ᠤᠷᠢᠶᠠᠯᠠᠨ ᠲᠤᠩᠬᠠᠭᠯᠠᠵᠤ ᠪᠠᠢᠢᠭᠰᠠᠨ ᠪᠢᠯᠡ᠃ ᠲᠡᠢᠢᠮᠦ ᠴᠤ ᠤᠴᠢᠷ ᠠᠴᠠ ᠬᠦᠮᠦᠨ ᠲᠥᠷᠥᠯᠬᠢᠲᠡᠨ ᠦ ᠰᠠᠢᠢᠨ ᠰᠠᠢᠢᠬᠠᠨ ᠠᠵᠤ ᠠᠮᠢᠳᠤᠷᠠᠯ ᠤᠨ ᠲᠥᠯᠥᠭᠡ ᠶᠠᠪᠤᠭᠤᠯᠤᠭᠰᠠᠨ ᠡᠩᠬᠡ ᠢᠢᠨ ᠦᠢᠯᠡ ᠠᠵᠢᠯᠯᠠᠭ᠎ᠠ ᠪᠠᠷ ᠢᠶᠠᠨ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ᠂ ᠲᠡᠭᠦᠨ ᠦ ᠪᠤᠰᠤᠳ ᠲᠤᠰᠬᠠᠢ ᠠᠭᠧᠨ᠋ᠲ᠋ᠯᠢᠭ᠂ ᠶᠦᠨᠧᠰᠺᠣ ᠢᠢᠨ ᠡᠳ᠋ ᠍ ᠦᠨ ᠵᠠᠰᠠᠭ᠂ ᠨᠡᠢᠢᠭᠡᠮ ᠤᠨ ᠵᠥᠪᠯᠡᠯ ᠦᠨ ᠰᠲ᠋ᠠᠲ᠋ᠦ᠋ᠰ ᠲᠠᠢ ᠲᠥᠷᠥ ᠢᠢᠨ ᠪᠤᠰᠤ ᠪᠠᠢᠢᠭᠤᠯᠤᠯᠭ᠎ᠠ ᠲᠡᠷᠲᠡᠭᠡ 1988 ᠣᠨ ᠳᠤ ᠠᠩᠬ᠎ᠠ ᠪᠦᠷᠢᠳᠬᠡᠭ᠍ᠳᠡᠨ ᠥᠨᠥᠳᠥᠷ ᠢ ᠬᠦᠷᠡᠯᠡ᠃
ᠠᠽᠢᠶ᠎ᠠ ᠢᠢᠨ ᠪᠤᠳ᠋ᠳ᠋ᠾᠢᠰᠲ ᠤᠳ ᠤᠨ ᠡᠩᠬᠡ ᠲᠠᠢᠢᠪᠤᠩ ᠤᠨ ᠪᠠᠭ᠎ᠠ ᠬᠤᠷᠠᠯ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠳᠥ ᠪᠦᠷᠢᠳᠬᠡᠯ ᠲᠡᠢ᠂ ᠵᠥᠪᠯᠡᠬᠦ ᠡᠷᠬᠡ ᠪᠦᠬᠦᠢ ᠴᠥᠭᠡᠬᠡᠨ ᠱᠠᠰᠢᠨ ᠤ ᠪᠠᠢᠢᠭᠤᠯᠤᠯᠭ᠎ᠠ ᠢᠢᠨ ᠨᠢᠭᠡ ᠨᠢ ᠪᠥᠭᠡᠳ ᠣᠯᠠᠨ ᠤᠯᠤᠰ ᠤᠨ ᠱᠠᠰᠢᠨ ᠤ ᠲᠥᠯᠥᠭᠡᠯᠡᠯ ᠦᠳ ᠲᠥ ᠦᠯᠢᠭᠡᠷ ᠳᠠᠭᠤᠷᠢᠶᠠᠯ ᠪᠣᠯᠵᠤ ᠡᠩᠬᠡ ᠢᠢᠨ ᠲᠥᠯᠦᠭᠡᠬᠢ ᠪᠣᠳᠠᠲᠤ ᠰᠠᠨᠠᠯ ᠰᠠᠨᠠᠭᠠᠴᠢᠯᠭ᠎ᠠ ᠨᠤᠭᠤᠳ ᠨᠢ ᠠᠽᠢᠶ᠎ᠠ ᠳᠤ ᠲᠡᠳᠦᠢ ᠦᠭᠡᠢ ᠳᠡᠯᠡᠬᠡᠢ ᠳᠠᠬᠢᠨ ᠳᠤ ᠴᠥᠮ᠎ᠡ ᠢᠢᠨ ᠵᠡᠪᠰᠡᠭ ᠢ ᠪᠠᠭᠤᠷᠠᠭᠤᠯᠬᠤ᠂ ᠤᠰᠠᠳᠬᠠᠬᠤ᠂ ᠢᠷᠡᠭᠡᠳᠦᠢ ᠪᠡᠨ ᠡᠩᠬᠡ ᠲᠠᠢᠢᠪᠤᠩᠴᠢ ᠪᠣᠳᠣᠯᠭ᠎ᠠ ᠪᠠᠷ ᠲᠥᠰᠥᠭᠡᠯᠡᠨ ᠬᠠᠷᠠᠵᠤ᠂ ᠲᠥᠯᠥᠪᠯᠡᠨ ᠪᠡᠬᠢᠵᠢᠭᠦᠯᠬᠦ ᠦᠨᠳᠦᠰᠦ ᠰᠠᠭᠤᠷᠢ ᠪᠣᠯᠤᠨ᠎ᠠ ᠬᠡᠮᠡᠨ ᠨᠠᠢᠢᠳᠠᠵᠤ ᠪᠠᠢᠢᠨ᠎ᠠ᠃ ᠪᠤᠳ᠋ᠳ᠋ᠾᠠ ᠢᠢᠨ ᠱᠠᠰᠢᠨᠲᠠᠨ ᠨᠤᠭᠤᠳ ᠪᠢᠳᠡᠨ ᠦ ᠬᠤᠪᠢ ᠳᠤ ᠡᠩᠬᠡ ᠲᠠᠢᠢᠪᠤᠩ ᠤᠨ ᠲᠥᠯᠥᠭᠡ ᠬᠥᠳᠡᠯᠭᠡᠭᠡᠨ ᠢᠶᠡᠨ ᠥᠷᠭᠡᠵᠢᠭᠦᠯᠬᠦ᠂ ᠱᠠᠰᠢᠨ ᠤ ᠪᠣᠯᠤᠨ ᠪᠤᠰᠤᠳ ᠪᠠᠢᠢᠭᠤᠯᠤᠯᠭ᠎ᠠ ᠨᠤᠭᠤᠳ ᠲᠠᠢ ᠬᠠᠮᠲᠤᠷᠠᠨ ᠠᠵᠢᠯᠯᠠᠬᠤ ᠶᠣᠰᠣᠲᠠᠢ᠃ ᠢᠩᠭᠢᠭ᠍ᠰᠡᠨ ᠢᠶᠡᠷ ᠴᠥᠮ᠎ᠡ ᠢᠢᠨ ᠳᠠᠢᠢᠨ ᠤ ᠠᠶᠤᠯ ᠵᠠᠨᠤᠯᠬᠢᠯᠡᠯ ᠦᠭᠡᠢ᠂ ᠳᠠᠢᠢᠨ ᠰᠠᠮᠠᠭᠤᠨ ᠦᠭᠡᠢ ᠠᠮᠤᠷ ᠠᠮᠤᠭᠤᠯᠠᠩ ᠳᠡᠯᠡᠬᠡᠢ ᠳᠥ ᠠᠮᠢᠳᠤᠷᠠᠬᠤ ᠪᠣᠯᠤᠮᠵᠢ ᠲᠠᠢ ᠪᠣᠯᠬᠤ ᠶᠤᠮ᠃
ᠮᠣᠩ᠋ᠭᠣᠯ ᠤᠯᠤᠰ ᠪᠣᠯ ᠡᠩᠬᠡ ᠢᠢ ᠡᠷᠬᠢᠮᠯᠡᠭᠴᠢ ᠤᠯᠤᠰ ᠣᠷᠣᠨ᠂ ᠮᠣᠩ᠋ᠭᠣᠯ ᠤᠨ ᠠᠷᠠᠳ ᠲᠦᠮᠡᠨ ᠦ ᠤᠯᠠᠮᠵᠢᠯᠠᠯᠲᠤ ᠱᠠᠰᠢᠨ ᠪᠣᠯ ᠪᠤᠳ᠋ᠳ᠋ᠾᠠ ᠢᠢᠨ ᠱᠠᠰᠢᠨ ᠪᠢᠯᠡ᠃ ᠶᠡᠬᠡ ᠮᠣᠩ᠋ᠭᠣᠯ ᠤᠨ ᠲᠤᠯᠭᠤᠷ ᠲᠥᠷᠥ-ᠾᠢᠦᠩᠨᠦ ᠭᠦᠷᠦᠨ ᠦ ᠦᠶ᠎ᠡ ᠡᠴᠡ ᠡᠬᠢᠯᠡᠨ ᠭᠤᠷᠪᠠᠨᠲᠠ ᠳᠡᠯᠭᠡᠷᠡᠭᠰᠡᠨ ᠪᠤᠷᠬᠠᠨ ᠤ ᠱᠠᠰᠢᠨ ᠪᠣᠯ ᠮᠣᠩ᠋ᠭᠣᠯ ᠦᠨᠳᠦᠰᠦᠲᠡᠨ ᠢ ᠭᠠᠳᠠᠭᠠᠳᠤ ᠢᠢᠨ ᠲᠦᠷᠢᠮᠡᠭᠡᠢᠢᠯᠡᠯ ᠡᠴᠡ ᠰᠠᠬᠢᠨ ᠬᠠᠮᠠᠭᠠᠯᠠᠵᠤ᠂ ᠳᠣᠲᠣᠭᠠᠳᠤ ᠳᠤ ᠪᠠᠨ ᠡᠪ ᠨᠢᠭᠡᠳᠦᠯ᠂ ᠲᠤᠰᠠᠭᠠᠷ ᠲᠣᠭᠲᠠᠨᠢᠯ ᠢ ᠨᠥᠬᠦᠴᠡᠯᠳᠦᠭᠦᠯᠦᠭᠰᠡᠨ ᠶᠤᠮ᠃ ᠡᠨᠡᠬᠦ ᠲᠡᠦᠬᠡᠨ ᠳ᠋ᠦᠩᠨᠡᠯᠲᠡ ᠢᠢ ᠣᠯᠠᠨ ᠤᠯᠤᠰ ᠤᠨ ᠡᠷᠳᠡᠮᠲᠡᠨ ᠮᠡᠷᠭᠡᠳ ᠨᠢᠭᠡᠨ ᠳᠠᠭᠤᠤ ᠪᠠᠷ ᠬᠦᠯᠢᠶᠡᠨ ᠵᠥᠪᠰᠢᠶᠡᠷᠡᠭᠰᠡᠭᠡᠷ ᠪᠠᠢᠢᠨ᠎ᠠ᠃ ᠮᠣᠩ᠋ᠭᠣᠯ ᠤᠨ ᠪᠤᠳ᠋ᠳ᠋ᠾᠠᠢᠢᠰᠮ ᠲᠡᠦᠬᠡᠨ ᠳᠡᠯᠭᠡᠷᠡᠯᠲᠡ ᠢᠢᠨ ᠢᠶᠡᠨ ᠨᠢᠭᠡᠨ ᠴᠠᠭ ᠦᠶ᠎ᠡ ᠳᠥ ᠦᠯᠡᠮᠵᠢ ᠶᠡᠬᠡ ᠬᠣᠣᠷ ᠬᠣᠬᠢᠷᠠᠯ ᠢ ᠠᠮᠰᠠᠵᠤ᠂ ᠬᠦᠮᠦᠨ ᠠᠮᠠ ᠢᠢᠨ ᠢᠶᠠᠨ ᠨᠡᠯᠢᠶᠡᠳ ᠦᠭᠡᠢ ᠬᠡᠰᠡᠭ ᠢ ᠤᠯᠤᠰ ᠲᠥᠷᠥ ᠢᠢᠨ ᠬᠡᠯᠮᠡᠭᠳᠡᠭᠦᠯᠦᠯ ᠳᠥ ᠥᠷᠲᠡᠭᠦᠯᠦᠭᠰᠡᠨ ᠭᠠᠰᠢᠭᠤᠨ ᠰᠤᠷᠭᠠᠮᠵᠢ ᠪᠠᠨ ᠮᠠᠷᠲᠠᠬᠤ ᠤᠴᠢᠷ ᠦᠭᠡᠢ᠂ ᠳᠠᠬᠢᠨ ᠳᠠᠪᠲᠠᠬᠤ ᠶᠣᠰᠣ ᠦᠭᠡᠢ᠃
ᠮᠣᠩ᠋ᠭᠣᠯ ᠤᠯᠤᠰ ᠤᠨ ᠲᠥᠷᠥ ᠵᠠᠰᠠᠭ᠂ ᠲᠡᠭᠦᠨ ᠦ ᠬᠠᠤᠯᠢ ᠲᠣᠭᠲᠠᠭᠠᠬᠤ ᠲᠥᠷᠥ ᠢᠢᠨ ᠳᠡᠭᠡᠳᠦ ᠪᠠᠢᠢᠭᠤᠯᠤᠯᠭ᠎ᠠ ᠤᠯᠤᠰ ᠤᠨ ᠶᠡᠬᠡ ᠬᠤᠷᠠᠯ ᠠᠴᠠ ᠵᠢᠯ ᠪᠦᠷᠢ ᠢᠢᠨ ᠵᠤᠨ ᠤ ᠲᠡᠷᠢᠭᠦᠨ ᠰᠠᠷ᠎ᠠ ᠢᠢᠨ ᠰᠢᠨ᠎ᠡ ᠢᠢᠨ 15 ᠍ ᠤ ᠪᠤᠷᠬᠠᠨ ᠪᠠᠭᠰᠢ ᠢᠢᠨ ᠶᠡᠬᠡ ᠳᠦᠢᠴᠢᠨ ᠡᠳᠦᠷ ᠢ 《ᠣᠯᠠᠨ ᠨᠡᠢᠢᠲᠡ ᠢᠢᠨ ᠪᠠᠶᠠᠷ᠂ ᠠᠮᠠᠷᠠᠯᠲᠠ ᠢᠢᠨ ᠡᠳᠦᠷ》 ᠪᠣᠯᠭᠠᠬᠤ ᠬᠠᠤᠯᠢ ᠢᠢᠨ ᠲᠥᠰᠥᠯ ᠢ ᠰᠠᠨᠠᠭᠠᠴᠢᠯᠠᠨ ᠳᠡᠮᠵᠢᠵᠦ᠂ ᠠᠩᠬᠠᠷᠤᠨ ᠠᠵᠢᠯᠯᠠᠵᠤ ᠪᠠᠢᠢᠨ᠎ᠠ᠃ ᠡᠪᠦᠭᠡ ᠳᠡᠭᠡᠳᠦᠰ᠂ ᠥᠩᠭᠡᠷᠡᠭᠦᠯᠦᠭᠰᠡᠨ ᠲᠡᠦᠬᠡ ᠪᠡᠨ ᠳᠡᠭᠡᠳᠦᠯᠡᠳᠡᠭ᠂ ᠪᠤᠶᠠᠨ ᠨᠢᠭᠦᠯ ᠢ ᠵᠠᠭᠠᠭᠯᠠᠨ ᠢᠯᠭᠠᠬᠤ ᠤᠬᠠᠭᠠᠨ ᠢᠶᠠᠷ ᠠᠯᠳᠠᠭ᠎ᠠ ᠣᠨᠣᠭ᠎ᠠ ᠪᠠᠨ ᠰᠢᠭᠦᠨ ᠳᠡᠩᠰᠡᠯᠡᠳᠡᠭ᠂ ᠨᠠᠮᠢᠨᠴᠢᠯᠠᠳᠠᠭ᠂ ᠠᠮᠢ ᠲᠠᠢ ᠦᠷ᠎ᠡ ᠲᠡᠢ ᠪᠦᠬᠦᠨ ᠢ ᠡᠨᠡᠷᠢᠨ ᠬᠠᠢᠢᠷᠠᠯᠠᠬᠤ ᠰᠡᠳᠬᠢᠯ ᠢᠶᠡᠨ ᠬᠥᠭ᠍ᠵᠢᠭᠦᠯᠦᠨ ᠳᠠᠳᠠᠭᠤᠯᠵᠤ ᠰᠠᠢᠢᠨ ᠦᠢᠯᠡᠰ ᠲᠥ ᠰᠢᠮᠳᠠᠳᠠᠭ ᠨᠢᠭᠡᠨ ᠡᠳᠦᠷ ᠢ ᠪᠦᠬᠦ ᠨᠡᠢᠢᠲᠡ ᠪᠡᠷ ᠢᠶᠡᠨ ᠶᠣᠰᠣ ᠰᠤᠷᠲᠠᠬᠤᠨ ᠢ ᠡᠷᠬᠢᠮᠯᠡᠭᠰᠡᠨ ᠡᠳᠦᠷ ᠪᠣᠯᠭᠠᠵᠤ ᠲᠡᠮᠳᠡᠭᠯᠡᠨ ᠥᠩᠭᠡᠷᠡᠭᠦᠯᠳᠡᠭ ᠠᠽᠢᠶ᠎ᠠ ᠢᠢᠨ ᠣᠷᠣᠨ ᠨᠤᠭᠤᠳ ᠤᠨ ᠵᠢᠱᠢᠭ ᠡᠴᠡ ᠰᠤᠷᠤᠯᠴᠠᠵᠤ ᠪᠤᠢᠢᠳᠠ ᠪᠠᠨ ᠮᠣᠩ᠋ᠭᠣᠯ ᠤᠨ ᠠᠷᠠᠳ ᠲᠦᠮᠡᠨ ᠪᠢᠳᠡ ᠪᠠᠶᠠᠷᠲᠠᠢ ᠪᠠᠢᠢᠨ᠎ᠠ᠃
ᠮᠣᠩ᠋ᠭᠣᠯ ᠤᠨ ᠶᠡᠬᠡ ᠡᠵᠡᠨ ᠴᠢᠩᠭᠢᠰ ᠦᠨ ᠦᠶ᠎ᠡ ᠡᠴᠡ ᠤᠯᠪᠠᠭᠠᠯᠠᠭᠰᠠᠨ ᠨᠣᠮᠲᠤ ᠲᠥᠷᠥ ᠢᠢᠨ ᠬᠣᠣᠰ ᠶᠣᠰᠣᠨ ᠤ ᠤᠯᠠᠮᠵᠢᠯᠠᠯᠲᠤ ᠪᠣᠳᠣᠯᠭ᠎ᠠ ᠪᠠᠷ ᠤᠯᠤᠰ ᠣᠷᠣᠨ ᠢᠶᠠᠨ ᠤᠳᠤᠷᠢᠳᠤᠨ ᠵᠠᠯᠠᠵᠤ᠂ ᠲᠥᠷᠥ ᠢᠷᠭᠡᠨ ᠦ ᠬᠠᠷᠢᠯᠴᠠᠨ ᠰᠢᠲᠦᠯᠴᠡᠭᠡ ᠢᠢ ᠨᠠᠨᠳᠢᠩᠨᠠᠨ ᠬᠥᠭ᠍ᠵᠢᠭᠦᠯᠬᠦ ᠳᠥ ᠡᠷᠬᠢᠮ ᠯᠠᠮᠠ ᠬᠤᠸᠠᠷᠠᠭ ᠤᠳ᠂ ᠪᠤᠳ᠋ᠳ᠋ᠾᠢᠰᠲ ᠤᠳ ᠲᠠ ᠪᠦᠭᠦᠳᠡ ᠢᠢᠨ ᠣᠷᠣᠯᠴᠠᠭ᠎ᠠ᠂ ᠡᠷᠳᠡᠮ ᠮᠡᠳᠡᠯᠭᠡ ᠢᠢᠨ ᠠᠷᠪᠢᠨ ᠶᠡᠬᠡ ᠲᠤᠷᠰᠢᠯᠭ᠎ᠠ ᠲᠥᠷᠥ ᠢᠢᠨ ᠦᠢᠯᠡᠰ ᠲᠥ ᠵᠠᠢᠢᠯᠠᠰᠢ ᠦᠭᠡᠢ ᠬᠡᠷᠡᠭᠲᠡᠢ ᠢᠢ ᠮᠥᠨ ᠣᠨᠴᠠᠯᠠᠨ ᠲᠡᠮᠳᠡᠭᠯᠡᠶ᠎ᠡ᠃
ᠢᠩᠭᠢᠭᠡᠳ ᠠᠽᠢᠶ᠎ᠠ ᠢᠢᠨ ᠪᠤᠳ᠋ᠳ᠋ᠾᠢᠰᠲ ᠤᠳ ᠤᠨ ᠡᠩᠬᠡ ᠲᠠᠢᠢᠪᠤᠩ ᠤᠨ ᠪᠠᠭ᠎ᠠ ᠬᠤᠷᠠᠯ ᠤᠨ XI ᠳ᠋ᠦᠭᠡᠷ ᠶᠡᠷᠦᠩᠬᠡᠢ ᠴᠢᠭᠤᠯᠭᠠᠨ ᠳᠤ ᠣᠷᠣᠯᠴᠠᠬᠤ ᠪᠠᠷ ᠬᠦᠷᠦᠯᠴᠡᠨ ᠢᠷᠡᠭᠰᠡᠨ ᠨᠡᠢᠢᠲᠡ ᠣᠷᠣᠯᠴᠠᠭᠴᠢᠳ ᠲᠤ ᠪᠠᠨ ᠬᠤᠷᠠᠯ ᠤᠨ ᠥᠨᠳᠥᠷ ᠠᠮᠵᠢᠯᠲᠠ ᠬᠦᠰᠡᠶ᠎ᠡ᠂ ᠡᠩᠬᠡ ᠲᠠᠢᠢᠪᠤᠩ ᠤᠨ ᠲᠥᠯᠦᠭᠡᠬᠢ 50 ᠵᠢᠯ ᠦᠨ ᠲᠡᠦᠬᠡᠲᠦ ᠣᠢ ᠢᠢᠨ ᠪᠠᠶᠠᠷ ᠤᠨ ᠮᠡᠨᠳᠦ ᠢᠢ ᠳᠠᠬᠢᠨ ᠬᠦᠷᠭᠡᠶ᠎ᠡ》 ᠭᠡᠯᠡ᠃