ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠥᠨᠥᠳᠥᠷ ᠠᠷᠬᠢᠸ ᠤᠨ ᠶᠡᠷᠦᠩᠬᠡᠢ ᠭᠠᠵᠠᠷ ᠲᠤ ᠠᠵᠢᠯᠯᠠᠯ᠎ᠠ᠃ ᠡᠨᠡ ᠦᠶ᠎ᠡ ᠪᠡᠷ ᠢᠶᠡᠨ ᠲᠥᠷᠥ ᠢᠢᠨ ᠲᠡᠷᠢᠭᠦᠨ ᠠᠷᠬᠢᠸ ᠤᠨ ᠶᠡᠷᠦᠩᠬᠡᠢ ᠭᠠᠵᠠᠷ ᠤᠨ ᠦᠢᠯᠡ ᠠᠵᠢᠯᠯᠠᠭ᠎ᠠ᠂ ᠲᠡᠦᠬᠡ ᠢᠢᠨ ᠴᠢᠬᠤᠯᠠ ᠪᠠᠷᠢᠮᠲᠠ ᠨᠤᠭᠤᠳ ᠤᠨ ᠬᠠᠳᠠᠭᠠᠯᠠᠯᠲᠠ᠂ ᠬᠠᠮᠠᠭᠠᠯᠠᠯᠲᠠ ᠵᠡᠷᠭᠡ ᠠᠰᠠᠭᠤᠳᠠᠯ ᠢᠶᠠᠷ ᠪᠠᠢᠢᠭᠤᠯᠤᠯᠭ᠎ᠠ ᠢᠢᠨ ᠤᠳᠤᠷᠢᠳᠤᠯᠭ᠎ᠠ ᠨᠤᠭᠤᠳ ᠲᠠᠢ ᠠᠭᠤᠯᠵᠠᠵᠤ᠂ ᠨᠡᠢᠢᠲᠡ ᠠᠵᠢᠯᠴᠢᠳ ᠲᠤ ᠬᠠᠨᠳᠤᠨ ᠣᠨᠴᠠᠭᠠᠢᠢᠯᠠᠨ ᠠᠩᠬᠠᠷᠬᠤ ᠵᠠᠷᠢᠮ ᠠᠰᠠᠭᠤᠳᠠᠯ ᠢᠶᠠᠷ ᠡᠭᠦᠷᠭᠡ᠂ ᠴᠢᠭᠯᠡᠯ ᠥᠭᠭᠦᠭ᠍ᠰᠡᠨ ᠶᠤᠮ᠃
ᠮᠥᠨ ᠠᠷᠬᠢᠸ ᠤᠨ ᠶᠡᠷᠦᠩᠬᠡᠢ ᠭᠠᠵᠠᠷ ᠤᠨ ᠦᠢᠯᠡ ᠠᠵᠢᠯᠯᠠᠭ᠎ᠠ ᠲᠠᠢ ᠲᠠᠨᠢᠯᠴᠠᠭᠰᠠᠨ ᠤ ᠪᠠᠨ ᠳᠠᠷᠠᠭ᠎ᠠ ᠠᠷᠬᠢᠸ ᠤᠨ ᠶᠡᠷᠦᠩᠬᠡᠢ ᠭᠠᠵᠠᠷ ᠤᠨ 92 ᠵᠢᠯ ᠦᠨ ᠣᠢ ᠢᠢ ᠲᠣᠬᠢᠶᠠᠯᠳᠤᠭᠤᠯᠤᠨ᠄ ᠮᠣᠩ᠋ᠭᠣᠯ ᠤᠨ ᠠᠷᠠᠳ ᠲᠦᠮᠡᠨ ᠦ ᠣᠢ ᠰᠠᠨᠠᠮᠵᠢ᠂ ᠦᠨᠳᠦᠰᠦᠲᠡᠨ ᠣᠷᠣᠰᠢᠨ ᠲᠣᠭᠲᠠᠨᠢᠬᠤ ᠳᠠᠷᠬᠠᠯᠠᠭ᠎ᠠ ᠪᠣᠯᠤᠭᠰᠠᠨ ᠲᠡᠦᠬᠡ᠂ ᠰᠤᠶᠤᠯ᠂ ᠨᠡᠢᠢᠭᠡᠮ᠂ ᠡᠳ᠋ ᠍ ᠦᠨ ᠵᠠᠰᠠᠭ ᠤᠨ ᠪᠦᠬᠦ ᠲᠥᠷᠥᠯ ᠦᠨ ᠲᠡᠦᠬᠡᠨ ᠪᠠᠷᠢᠮᠲᠠ᠂ ᠳᠤᠷᠠᠰᠬᠠᠯ᠂ ᠡᠬᠡ ᠰᠤᠷᠪᠤᠯᠵᠢ ᠨᠤᠭᠤᠳ ᠢ ᠬᠠᠳᠠᠭᠠᠯᠠᠬᠤ᠂ ᠬᠠᠮᠠᠭᠠᠯᠠᠬᠤ᠂ ᠲᠦᠭᠡᠭᠡᠨ ᠳᠡᠯᠭᠡᠷᠡᠭᠦᠯᠬᠦ᠂ ᠬᠣᠢᠢᠴᠢ ᠦᠶ᠎ᠡ ᠳᠡᠭᠡᠨ ᠥᠪᠯᠡᠨ ᠤᠯᠠᠮᠵᠢᠯᠠᠭᠤᠯᠬᠤ ᠦᠢᠯᠡᠰ ᠲᠥ ᠣᠷᠣᠭᠤᠯᠤᠭᠰᠠᠨ ᠲᠤᠰ ᠪᠠᠢᠢᠭᠤᠯᠤᠯᠭ᠎ᠠ ᠢᠢᠨ ᠦᠶ᠎ᠡ ᠦᠶ᠎ᠡ ᠢᠢᠨ ᠠᠵᠢᠯᠲᠠᠨ᠂ ᠠᠯᠪᠠᠨ ᠬᠠᠭᠠᠭᠴᠢ᠂ ᠰᠤᠳᠤᠯᠤᠭᠠᠴᠢ᠂ ᠡᠷᠳᠡᠮᠲᠡᠳ ᠦᠨ ᠬᠢᠴᠢᠶᠡᠯ ᠵᠢᠳᠬᠦᠯ ᠢ ᠥᠨᠳᠥᠷ ᠢᠶᠡᠷ ᠦᠨᠡᠯᠡᠵᠦ᠂ ᠠᠷᠬᠢᠸ ᠤᠨ ᠶᠡᠷᠦᠩᠬᠡᠢ ᠭᠠᠵᠠᠷ ᠢ ᠲᠥᠷᠥ ᠢᠢᠨ ᠳᠡᠭᠡᠳᠦ ᠱᠠᠩᠨᠠᠯ ᠠᠯᠲᠠᠨ ᠭᠠᠳᠠᠰᠤ ᠣᠳᠣᠨ ᠢᠶᠠᠷ ᠱᠠᠩᠨᠠᠯ᠎ᠠ᠃
ᠵᠠᠷᠯᠢᠭ ᠢ ᠤᠩᠰᠢᠵᠤ ᠰᠣᠨᠣᠷᠳᠠᠭᠤᠯᠤᠭᠰᠠᠨ ᠤ ᠳᠠᠷᠠᠭ᠎ᠠ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠠᠯᠲᠠᠨ ᠭᠠᠳᠠᠰᠤ ᠣᠳᠣᠨ ᠢ ᠠᠷᠬᠢᠸ ᠤᠨ ᠶᠡᠷᠦᠩᠬᠡᠢ ᠭᠠᠵᠠᠷ ᠤᠨ ᠲᠤᠭ ᠲᠤᠷ ᠬᠦᠨᠳᠦᠳᠬᠡᠯᠲᠡᠢ ᠪᠡᠷ ᠵᠡᠭᠦᠨ ᠥᠭᠴᠦ᠂ ᠪᠠᠶᠠᠷ ᠬᠦᠷᠭᠡᠨ ᠦᠭᠡ ᠬᠡᠯᠡᠪᠡ᠃
ᠦᠨᠳᠦᠰᠦᠨ ᠦ ᠠᠷᠬᠢᠸ ᠤᠨ ᠭᠠᠵᠠᠷ ᠨᠢ ᠲᠥᠷᠥ ᠢᠢᠨ 36 ᠠᠷᠬᠢᠸ ᠪᠤᠶᠤ ᠨᠡᠢᠢᠰᠯᠡᠯ᠂ 21 ᠠᠢᠢᠮᠠᠭ᠂ ᠰᠠᠯᠪᠤᠷᠢ ᠢᠢᠨ 4᠂ ᠲᠥᠷᠦᠯᠵᠢᠭᠰᠡᠨ 10 ᠪᠣᠯᠤᠨ ᠲᠡᠳᠡᠭᠡᠷ ᠦᠨ ᠬᠥᠮᠦᠷᠢᠭᠡ ᠡᠭᠦᠰᠬᠡᠭ᠍ᠴᠢ ᠪᠠᠢᠢᠭᠤᠯᠤᠯᠭ᠎ᠠ ᠢᠢᠨ ᠠᠷᠬᠢᠸ ᠠᠴᠠ ᠪᠦᠷᠢᠳᠦᠨ ᠠᠵᠢᠯᠯᠠᠳᠠᠭ ᠪᠠᠢᠢᠨ᠎ᠠ᠃
ᠲᠤᠰ ᠠᠷᠬᠢᠸ ᠲᠤ 1600 ᠣᠷᠴᠢᠮ ᠬᠥᠮᠦᠷᠢᠭᠡ ᠳᠥ 1.3 ᠰᠠᠶ᠎ᠠ ᠭᠠᠷᠤᠢ ᠬᠠᠳᠠᠭᠠᠯᠠᠮᠵᠢ ᠢᠢᠨ ᠨᠢᠭᠡᠴᠡ ᠬᠠᠳᠠᠭᠠᠯᠠᠭᠳᠠᠵᠤ ᠪᠠᠢᠢᠭ᠎ᠠ ᠪᠥᠭᠡᠳ ᠨᠡᠢᠢᠲᠡ ᠪᠠᠷᠢᠮᠲᠠ ᠢᠢᠨ᠄
• 76 ᠬᠤᠪᠢ ᠢᠢ ᠴᠠᠭᠠᠰᠤᠨ ᠰᠠᠭᠤᠷᠢ ᠲᠠᠢ᠂
• 14 ᠬᠤᠪᠢ ᠢᠢ ᠺᠢᠨᠣ᠋᠂ ᠭᠡᠷᠡᠯ ᠵᠢᠷᠤᠭ᠂ ᠳᠠᠭᠤ ᠳᠦᠷᠰᠦᠨ ᠦ᠂
• 10 ᠬᠤᠪᠢ ᠢᠢ 1932 ᠣᠨ ᠠᠴᠠ ᠬᠣᠢᠢᠰᠢᠬᠢ ᠪᠠᠷᠢᠯᠭ᠎ᠠ ᠢᠢᠨ ᠵᠢᠷᠤᠭ ᠲᠥᠰᠥᠯ ᠦᠨ ᠪᠠᠷᠢᠮᠲᠠ ᠡᠵᠡᠯᠡᠳᠡᠭ ᠪᠠᠢᠢᠨ᠎ᠠ᠃
ᠮᠥᠨ ᠵᠢᠯ ᠳᠥ ᠳᠤᠮᠳᠠᠵᠢ ᠪᠠᠷ 200 ᠮᠢᠩ᠋ᠭ᠎ᠠ ᠭᠠᠷᠤᠢ ᠪᠠᠷᠢᠮᠲᠠ ᠢᠢ ᠢᠷᠭᠡᠳ᠂ ᠪᠠᠢᠢᠭᠤᠯᠤᠯᠭ᠎ᠠ ᠳᠤ ᠠᠰᠢᠭᠯᠠᠭᠤᠯᠵᠤ᠂ ᠪᠠᠢᠢᠭᠤᠯᠤᠯᠭ᠎ᠠ ᠨᠤᠭᠤᠳ ᠠᠴᠠ 25 ᠮᠢᠩ᠋ᠭ᠎ᠠ ᠭᠠᠷᠤᠢ ᠪᠠᠷᠢᠮᠲᠠ ᠢᠢ ᠨᠥᠬᠥᠨ ᠪᠦᠷᠢᠳᠦᠭᠦᠯᠦᠯᠲᠡ ᠪᠡᠷ ᠲᠥᠷᠥ ᠢᠢᠨ ᠠᠷᠬᠢᠸ ᠲᠤ ᠬᠦᠯᠢᠶᠡᠨ ᠠᠪᠴᠤ᠂ 21 ᠮᠢᠩ᠋ᠭ᠎ᠠ ᠣᠷᠴᠢᠮ ᠢᠷᠭᠡᠨ᠂ ᠠᠵᠤ ᠠᠬᠤᠢ ᠢᠢᠨ ᠨᠢᠭᠡᠴᠡ ᠳᠥ ᠠᠷᠬᠢᠸ ᠤᠨ ᠯᠠᠪᠯᠠᠭ᠎ᠠ ᠣᠯᠭᠤᠨ᠂ 25 ᠮᠢᠩ᠋ᠭᠠᠨ ᠬᠠᠭᠤᠳᠠᠰᠤ ᠪᠠᠷᠢᠮᠲᠠ ᠢᠢ ᠰᠡᠷᠭᠦᠭᠡᠨ ᠵᠠᠰᠠᠪᠤᠷᠢᠯᠠᠵᠤ᠂ ᠠᠷᠬᠢᠸ᠂ ᠠᠯᠪᠠᠨ ᠬᠡᠷᠡᠭ ᠬᠥᠲᠦᠯᠦᠯᠲᠡ ᠢᠢᠨ ᠴᠢᠭᠯᠡᠯ ᠢᠶᠡᠷ ᠮᠢᠩ᠋ᠭ᠎ᠠ ᠭᠠᠷᠤᠢ ᠠᠯᠪᠠᠨ ᠬᠠᠭᠠᠭᠴᠢ ᠢᠢ ᠰᠤᠷᠭᠠᠯᠲᠠ ᠳᠤ ᠬᠠᠮᠤᠷᠤᠭᠤᠯᠳᠠᠭ ᠪᠠᠢᠢᠨ᠎ᠠ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠪᠠᠢᠢᠭᠤᠯᠤᠯᠭ᠎ᠠ ᠢᠢᠨ ᠦᠢᠯᠡ ᠠᠵᠢᠯᠯᠠᠭ᠎ᠠ ᠲᠠᠢ ᠲᠠᠨᠢᠯᠴᠠᠬᠤ ᠦᠶ᠎ᠡ ᠪᠡᠷ ᠢᠶᠡᠨ VIII ᠪᠣᠭᠳᠠ ᠵᠢᠪᠵᠤᠩᠳᠠᠮᠪᠠ ᠬᠤᠲᠤᠭᠲᠤ ᠢᠢᠨ ᠠᠷᠬᠢᠸ ᠤᠨ ᠪᠠᠷᠢᠮᠲᠠ᠂ ᠭᠡᠷᠡᠯ ᠵᠢᠷᠤᠭ ᠤᠨ ᠦᠵᠡᠰᠬᠦᠯᠡᠩ᠂ ᠯᠠᠪᠯᠠᠭ᠎ᠠ᠂ ᠦᠢᠯᠡᠴᠢᠯᠡᠭᠡᠨ ᠦ ᠪᠣᠯᠤᠨ ᠰᠡᠯᠪᠢᠨ ᠵᠠᠰᠠᠬᠤ᠂ ᠰᠡᠷᠭᠦᠭᠡᠨ ᠰᠢᠨᠡᠳᠬᠡᠬᠦ ᠵᠡᠷᠭᠡ ᠲᠥᠪ ᠦᠨ ᠦᠢᠯᠡ ᠠᠵᠢᠯᠯᠠᠭ᠎ᠠ ᠲᠠᠢ ᠲᠠᠨᠢᠯᠴᠠᠵᠤ᠂ ᠳᠡᠯᠭᠡᠷᠡᠩᠭᠦᠢ ᠮᠡᠳᠡᠭᠡᠯᠡᠯ ᠠᠪᠤᠯ᠎ᠠ᠃
ᠠᠷᠬᠢᠸ ᠤᠨ ᠶᠡᠷᠦᠩᠬᠡᠢ ᠭᠠᠵᠠᠷ ᠲᠤ 1700 ᠣᠨ ᠳᠤ ᠮᠠᠨᠵᠤ ᠢᠢᠨ ᠬᠠᠭᠠᠨ ᠠᠴᠠ ᠣᠯᠭᠤᠭᠰᠠᠨ ᠬᠠᠯᠬ᠎ᠠ ᠢᠢᠨ ᠥᠨᠳᠦᠷ ᠭᠡᠭᠡᠭᠡᠨ ᠵᠠᠨᠠᠪᠠᠽᠠᠷ ᠤᠨ ᠱᠦᠩᠱᠢᠭᠯᠡᠭᠰᠡᠨ ᠠᠯᠲᠠᠨ ᠨᠥᠬᠥᠭᠡᠰᠦ ᠲᠡᠢ ᠬᠠᠯᠬ᠎ᠠ ᠢᠢᠨ ᠸᠴᠢᠷᠪᠠᠲᠤ ᠢᠢᠨ ᠲᠦᠰᠢᠶᠡᠲᠦ ᠬᠠᠨ ᠤ ᠲᠠᠮᠠᠭ᠎ᠠ᠂ ᠮᠠᠨᠵᠤ ᠴᠢᠨ ᠤᠯᠤᠰ᠂ ᠬᠠᠭᠠᠨᠲᠤ ᠣᠷᠣᠰ ᠤᠯᠤᠰ ᠤᠨ ᠬᠣᠭᠣᠷᠣᠨᠳᠣ ᠬᠢᠯᠢ ᠬᠢᠵᠠᠭᠠᠷ ᠢᠶᠠᠨ ᠪᠠᠲᠤᠳᠬᠠᠭᠰᠠᠨ ᠭᠡᠷ᠎ᠡ᠂ ᠮᠣᠩ᠋ᠭᠣᠯ ᠤᠯᠤᠰ ᠪᠠᠢᠢᠭᠤᠯᠤᠭᠳᠠᠭᠰᠠᠨ ᠢ ᠠᠩᠭ᠍ᠯᠢ᠂ ᠹᠷᠠᠨ᠋ᠼ᠂ ᠪᠧᠯᠬᠢ᠂ ᠾᠣᠯᠯᠠᠨ᠋ᠳ᠋ ᠵᠡᠷᠭᠡ 9 ᠤᠯᠤᠰ ᠲᠤ ᠠᠯᠪᠠᠨ ᠶᠣᠰᠣᠭᠠᠷ ᠵᠠᠷᠯᠠᠭᠰᠠᠨ ᠪᠢᠴᠢᠭ᠌᠂ ᠮᠠᠷᠱᠠᠯ ᠬ ∙ ᠴᠣᠢᠢᠪᠠᠯᠰᠠᠩ ᠤᠨ ᠨᠡᠷᠡᠮᠵᠢᠲᠦ ᠠᠩ᠋ᠬᠠᠳᠤᠭᠠᠷ ᠲᠠᠪᠤᠨ ᠵᠢᠯ ᠦᠨ ᠲᠥᠯᠦᠪᠯᠡᠭᠡ᠂ ᠮᠣᠩ᠋ᠭᠣᠯ ᠤᠯᠤᠰ ᠤᠨ ᠠᠩ᠋ᠬᠠᠨ ᠤ ᠡᠳ᠋ ᠍ ᠦᠨ ᠵᠠᠰᠠᠭ ᠤᠨ ᠦᠨᠳᠦᠰᠦᠨ ᠪᠣᠳᠣᠯᠭ᠎ᠠ ᠵᠡᠷᠭᠡ ᠲᠡᠦᠬᠡᠨ ᠴᠢᠬᠤᠯᠠ ᠣᠯᠠᠨ ᠮᠢᠩ᠋ᠭᠠᠨ ᠪᠠᠷᠢᠮᠲᠠ ᠪᠢᠴᠢᠭ᠌ ᠬᠠᠳᠠᠭᠠᠯᠠᠭᠳᠠᠵᠤ ᠪᠠᠢᠢᠨ᠎ᠠ᠃