ᠲᠤᠯᠭᠤᠷ ᠲᠥᠷᠥ ᠢᠢᠨ 2228 ᠵᠢᠯ᠂ ᠶᠡᠬᠡ ᠮᠣᠩ᠋ᠭᠣᠯ ᠤᠯᠤᠰ ᠪᠠᠢᠢᠭᠤᠯᠤᠭᠳᠠᠰᠤᠨ ᠤ 813 ᠵᠢᠯ᠂ ᠦᠨᠳᠦᠰᠦᠨ ᠦ ᠡᠷᠬᠡ ᠴᠢᠯᠦᠭᠡ᠂ ᠲᠤᠰᠠᠭᠠᠷ ᠲᠣᠭᠲᠠᠨᠢᠯ ᠢᠶᠠᠨ ᠰᠡᠷᠭᠦᠭᠡᠨ ᠮᠠᠨᠳᠤᠭᠤᠯᠤᠭᠰᠠᠨ ᠤ 108 ᠵᠢᠯ᠂ ᠠᠷᠠᠳ ᠤᠨ ᠬᠤᠪᠢᠰᠬᠠᠯ ᠤᠨ 98 ᠵᠢᠯ᠂ ᠠᠷᠠᠳᠴᠢᠯᠠᠭᠰᠠᠨ ᠬᠤᠪᠢᠰᠬᠠᠯ ᠤᠨ 30 ᠵᠢᠯ᠂ ᠦᠨᠳᠦᠰᠦᠨ ᠦ ᠶᠡᠬᠡ ᠪᠠᠶᠠᠷ ᠨᠠᠭᠠᠳᠤᠮ ᠢ ᠲᠣᠬᠢᠶᠠᠯᠳᠤᠭᠤᠯᠤᠨ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠵᠠᠷᠯᠢᠭ ᠭᠠᠷᠭᠠᠵᠤ ᠵᠠᠷᠢᠮ ᠢᠷᠭᠡᠳ ᠢ ᠲᠥᠷᠥ ᠢᠢᠨ ᠳᠡᠭᠡᠳᠦ ᠴᠣᠯᠠ᠂ ᠣᠳᠣᠨ᠂ ᠮᠧᠳᠠᠯ ᠢᠶᠠᠷ ᠱᠠᠩᠨᠠᠯ᠎ᠠ᠃
ᠱᠠᠩᠨᠠᠯ ᠭᠠᠷᠳᠠᠭᠤᠯᠵᠤ ᠳᠠᠭᠤᠰᠤᠭᠰᠠᠨ ᠤ ᠳᠠᠷᠠᠭ᠎ᠠ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ᠂ ᠪᠠᠲᠤᠲᠤᠯᠭ᠎ᠠ ᠲᠥᠷᠥ ᠢᠢᠨ ᠳᠡᠭᠡᠳᠦ ᠱᠠᠩᠨᠠᠯ ᠬᠦᠷᠲᠡᠭᠰᠡᠨ ᠡᠷᠬᠢᠮ ᠦᠳ ᠲᠥ ᠬᠠᠨᠳᠤᠵᠤ᠄
<< ᠮᠠᠩᠯᠠᠢᠢᠯᠠᠭᠴᠢᠳ᠂ ᠭᠠᠪᠰᠢᠭᠠᠢᠢᠴᠢᠳ ᠠ᠋᠂
ᠲᠤᠯᠭᠤᠷ ᠲᠥᠷᠥ ᠢᠢᠨ 2228᠂ ᠶᠡᠬᠡ ᠮᠣᠩ᠋ᠭᠣᠯ ᠤᠯᠤᠰ ᠤᠨ 813᠂ ᠠᠷᠠᠳ ᠤᠨ ᠬᠤᠪᠢᠰᠬᠠᠯ ᠤᠨ 98 ᠵᠢᠯ ᠦᠨ ᠣᠢ᠂ ᠦᠨᠳᠦᠰᠦᠨ ᠦ ᠶᠡᠬᠡ ᠪᠠᠶᠠᠷ ᠨᠠᠭᠠᠳᠤᠮ ᠤᠨ ᠡᠮᠦᠨ᠎ᠡ ᠤᠯᠠᠮᠵᠢᠯᠠᠯ ᠶᠣᠰᠣᠭᠠᠷ ᠡᠷᠬᠢᠯᠡᠭᠰᠡᠨ ᠠᠵᠢᠯ᠂ ᠪᠦᠲᠦᠭᠡᠯ ᠢᠶᠡᠷ ᠢᠶᠡᠨ ᠲᠣᠳᠣᠷᠠᠵᠤ᠂ ᠮᠠᠩᠯᠠᠢᠢᠯᠠᠵᠤ ᠭᠠᠪᠰᠢᠭᠠᠢᠢᠯᠠᠭᠰᠠᠨ ᠬᠦᠮᠦᠰ ᠲᠥ ᠲᠥᠷᠥ ᠢᠢᠨ ᠴᠣᠯᠠ᠂ ᠣᠳᠣᠨ ᠮᠧᠳᠠᠯ ᠭᠠᠷᠳᠠᠭᠤᠯᠤᠯ᠎ᠠ᠃
ᠲᠠ ᠪᠦᠬᠦᠨ ᠳᠥ ᠦᠨᠳᠦᠰᠦᠨ ᠦ ᠶᠡᠬᠡ ᠪᠠᠶᠠᠷ ᠨᠠᠭᠠᠳᠤᠮ ᠤᠨ ᠮᠡᠨᠳᠦ ᠢᠢ ᠳᠡᠪᠰᠢᠭᠦᠯᠵᠦ᠂ ᠲᠥᠷᠥ ᠢᠢᠨ ᠥᠨᠳᠥᠷ ᠴᠣᠯᠠ᠂ ᠣᠳᠣᠨ ᠮᠧᠳᠠᠯ ᠢᠶᠠᠷ ᠱᠠᠩᠨᠠᠭᠳᠠᠭᠰᠠᠨ ᠳᠤ ᠳᠠᠬᠢᠨ ᠪᠠᠶᠠᠷ ᠬᠦᠷᠭᠡᠶ᠎ᠡ!
ᠣᠯᠠᠨ ᠠᠷᠠᠳ ᠲᠤ ᠬᠥᠳᠡᠯᠮᠦᠷᠢ ᠪᠦᠲᠦᠭᠡᠯ᠂ ᠮᠠᠩᠯᠠᠢᠢᠯᠠᠯ ᠤᠨ ᠦᠯᠢᠭᠡᠷ ᠵᠢᠱᠢᠶ᠎ᠡ ᠪᠣᠯᠤᠨ ᠬᠢᠴᠢᠶᠡᠨ ᠵᠢᠳᠬᠦᠭ᠍ᠰᠡᠨ ᠲᠠ ᠪᠦᠬᠦᠨ ᠳᠥ ᠪᠠᠶᠠᠷᠯᠠᠯ᠎ᠠ᠃
ᠰᠠᠢᠢᠬᠠᠨ ᠨᠠᠭᠠᠳᠤᠭᠠᠷᠠᠢ᠃
ᠮᠥᠩᠬᠡ ᠲᠩᠷᠢ ᠢᠢᠨ ᠢᠪᠡᠭᠡᠯ ᠢᠶᠡᠷ ᠮᠣᠩ᠋ᠭᠣᠯ ᠤᠯᠤᠰ ᠮᠥᠩᠬᠡᠳᠡ ᠣᠷᠣᠰᠢᠭ》 ᠭᠡᠯᠡ᠃