ᠮᠣᠩ᠋ᠭᠣᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠺᠣᠮᠠᠨ᠋ᠳ᠋ᠯᠠᠭᠴᠢ ᠬ ∙ ᠪᠠᠲᠤᠲᠤᠯᠭ᠎ᠠ ᠥᠨᠥᠳᠥᠷ ᠲᠣᠬᠢᠶᠠᠵᠤ ᠪᠤᠢ ᠮᠣᠩ᠋ᠭᠣᠯ ᠤᠯᠤᠰ ᠤᠨ ᠲᠥᠷᠥ ᠢᠢᠨ ᠳᠠᠯᠪᠠᠭᠠᠨ ᠤ ᠡᠳᠦᠷ ᠲᠥ ᠵᠣᠷᠢᠭᠤᠯᠤᠭᠰᠠᠨ ᠴᠡᠷᠢᠭ ᠦᠨ ᠶᠣᠰᠣᠯᠠᠯ ᠤᠨ ᠵᠢᠭ᠌ᠰᠠᠭᠠᠯ ᠢ ᠨᠡᠭᠡᠭᠡᠵᠦ ᠦᠭᠡ ᠬᠡᠯᠡᠯ᠎ᠡ᠃
ᠲᠥᠷᠥ ᠢᠢᠨ ᠳᠠᠯᠪᠠᠭᠠᠨ ᠤ ᠡᠳᠦᠷ ᠲᠦ ᠵᠣᠷᠢᠭᠤᠯᠤᠭᠰᠠᠨ ᠴᠡᠷᠢᠭ ᠦᠨ ᠶᠣᠰᠣᠯᠠᠯ ᠤᠨ ᠵᠢᠭᠰᠠᠭᠠᠯ ᠤᠨ ᠨᠡᠭᠡᠭᠡᠯᠲᠡ ᠢᠢᠨ ᠶᠣᠰᠣᠯᠠᠯ ᠳᠤ ᠮᠣᠩ᠋ᠭᠣᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠺᠣᠮᠠᠨ᠋ᠳ᠋ᠯᠠᠭᠴᠢ ᠬ ∙ ᠪᠠᠲᠤᠲᠤᠯᠭ᠎ᠠ᠂ ᠤᠯᠤᠰ ᠤᠨ ᠶᠡᠬᠡ ᠬᠤᠷᠠᠯ ᠤᠨ ᠳᠠᠷᠤᠭ᠎ᠠ ᠭ ∙ ᠽᠠᠨᠳᠠᠨᠰᠢᠲᠠᠷ᠂ ᠶᠡᠷᠦᠩᠬᠡᠢ ᠰᠠᠢᠢᠳ ᠤ᠊ ∙ ᠬᠦᠷᠦᠯᠰᠦ᠋ᠬᠡ᠂ ᠵᠠᠰᠠᠭ ᠤᠨ ᠭᠠᠵᠠᠷ᠂ ᠤᠯᠤᠰ ᠤᠨ ᠶᠡᠬᠡ ᠬᠤᠷᠠᠯ ᠤᠨ ᠭᠡᠰᠢᠭᠦᠳ᠂ ᠵᠡᠪᠰᠡᠭᠲᠦ ᠬᠦᠴᠦᠨ ᠦ ᠵᠠᠩᠵᠤᠨ ᠱᠲ᠋ᠠᠪ ᠤᠨ ᠤᠳᠤᠷᠢᠳᠤᠯᠭ᠎ᠠ ᠨᠤᠭᠤᠳ᠂ ᠮᠣᠩ᠋ᠭᠣᠯ ᠤᠯᠤᠰ ᠲᠤ ᠰᠠᠭᠤᠭ᠎ᠠ ᠣᠨᠴᠠ ᠪᠥᠭᠡᠳ ᠪᠦᠷᠢᠨ ᠡᠷᠬᠡᠲᠦ ᠡᠯᠴᠢᠨ ᠰᠠᠢᠢᠳ ᠨᠠᠷ᠂ ᠣᠯᠠᠨ ᠤᠯᠤᠰ ᠤᠨ ᠪᠠᠢᠢᠭᠤᠯᠤᠯᠭ᠎ᠠ ᠢᠢᠨ ᠲᠥᠯᠥᠭᠡᠯᠡᠭᠴᠢ᠂ ᠠᠯᠪᠠᠨ ᠤ ᠪᠤᠰᠤᠳ ᠬᠦᠮᠦᠰ ᠪᠣᠯᠤᠨ ᠢᠷᠭᠡᠳ᠂ ᠵᠢᠭᠤᠯᠴᠢᠳ ᠤᠷᠤᠯᠴᠠᠪᠠ᠃
ᠲᠥᠷᠥ ᠢᠢᠨ ᠳᠠᠯᠪᠠᠭᠠᠨ ᠤ ᠡᠳᠦᠷ ᠢ ᠮᠣᠩ᠋ᠭᠣᠯ ᠤᠯᠤᠰ ᠤᠨ ᠢᠷᠭᠡᠳ ᠲᠦ ᠡᠬᠡ ᠣᠷᠣᠨᠴᠢ ᠦᠨᠳᠦᠰᠦᠨ ᠦ ᠦᠵᠡᠯ᠂ ᠬᠦᠮᠦᠵᠢᠯ ᠲᠥᠯᠦᠪᠰᠢᠭᠦᠯᠬᠦ ᠵᠣᠷᠢᠯᠭ᠎ᠠ ᠪᠠᠷ ᠵᠢᠯ ᠪᠦᠷᠢ ᠢᠢᠨ ᠳᠣᠯᠣᠳᠤᠭᠠᠷ ᠰᠠᠷ᠎ᠠ ᠢᠢᠨ 10 ᠍ ᠳᠥ ᠲᠡᠮᠳᠡᠭᠯᠡᠵᠦ ᠪᠠᠢᠢᠬᠤ ᠪᠠᠷ ᠪᠣᠯᠤᠭᠰᠠᠨ ᠪᠥᠭᠡᠳ 2009 ᠣᠨ ᠠᠴᠠ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠵᠠᠷᠯᠢᠭ ᠢᠶᠠᠷ ᠪᠠᠶᠠᠷ ᠤᠨ ᠡᠨᠡᠬᠦ ᠡᠳᠦᠷ ᠤᠯᠠᠭᠠᠨᠪᠠᠭᠠᠲᠤᠷ ᠴᠡᠷᠢᠭ ᠦᠨ ᠬᠦᠷᠢᠶᠡᠨ ᠦ ᠨᠢᠭᠡᠳᠬᠡᠯ᠂ ᠠᠩᠭᠢ ᠨᠤᠭᠤᠳ ᠴᠡᠷᠢᠭ ᠦᠨ ᠶᠣᠰᠣᠯᠠᠯ ᠤᠨ ᠵᠢᠭᠰᠠᠭᠠᠯ ᠬᠢᠳᠡᠭ ᠤᠯᠠᠮᠵᠢᠯᠠᠯ ᠲᠠᠢ ᠪᠣᠯᠤᠭᠰᠠᠨ ᠶᠤᠮ᠃
ᠲᠥᠷᠥ ᠢᠢᠨ ᠳᠠᠯᠪᠠᠭᠠᠨ ᠤ ᠡᠳᠦᠷ ᠲᠦ ᠵᠣᠷᠢᠭᠤᠯᠤᠭᠰᠠᠨ ᠴᠡᠷᠢᠭ ᠦᠨ ᠶᠣᠰᠣᠯᠠᠯ ᠤᠨ ᠵᠢᠭᠰᠠᠭᠠᠯ ᠤᠨ ᠨᠡᠭᠡᠭᠡᠯᠲᠡ ᠳᠥ ᠣᠷᠣᠯᠴᠠᠵᠤ᠂ ᠮᠣᠩ᠋ᠭᠣᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠺᠣᠮᠠᠨ᠋ᠳ᠋ᠯᠠᠭᠴᠢ ᠬ ∙ ᠪᠠᠲᠤᠲᠤᠯᠭ᠎ᠠ᠄
《ᠮᠣᠩ᠋ᠭᠣᠯᠴᠤᠳ ᠠ᠋᠂
ᠴᠡᠷᠢᠭ ᠡᠷᠡᠰ ᠡ᠂
ᠲᠥᠷᠥᠳᠦ ᠶᠣᠰᠣᠨ ᠤ ᠶᠡᠬᠡ ᠪᠠᠶᠠᠷ ᠴᠡᠩᠭᠡᠯ ᠦᠨᠳᠦᠰᠦᠨ ᠦ ᠪᠠᠶᠠᠷ ᠨᠠᠭᠠᠳᠤᠮ ᠤᠨ ᠡᠮᠦᠨ᠎ᠡ ᠲᠥᠷᠥ ᠢᠢᠨ ᠳᠠᠯᠪᠠᠭᠠᠨ ᠤ ᠡᠳᠦᠷ ᠢ ᠲᠡᠮᠳᠡᠭᠯᠡᠳᠡᠭ ᠤᠯᠠᠮᠵᠢᠯᠠᠯ ᠦᠷᠭᠦᠯᠵᠢᠯᠡᠵᠦ ᠪᠠᠢᠢᠨ᠎ᠠ᠃
ᠳᠡᠭᠡᠷ᠎ᠡ ᠴᠡᠯᠡᠢᠢᠬᠦ ᠮᠥᠩᠬᠡ ᠬᠥᠬᠡ ᠲᠩᠷᠢ ᠳᠥ ᠮᠣᠩ᠋ᠭᠣᠯ ᠤᠨ ᠳᠠᠯᠪᠠᠭ᠎ᠠ ᠠᠰᠢᠳᠠ ᠡᠭᠦᠷᠢᠳᠡ ᠨᠠᠮᠢᠷᠠᠨ ᠪᠠᠢᠢᠬᠤ ᠢᠢ ᠪᠡᠯᠭᠡᠳᠡᠨ ᠮᠣᠩ᠋ᠭᠣᠯᠴᠤᠳ ᠪᠢᠳᠡ ᠡᠨᠡ ᠡᠳᠦᠷ ᠢ ᠪᠠᠶᠠᠷ ᠪᠠᠬᠠᠳᠤᠯ ᠳᠦᠭᠦᠷᠡᠩ ᠲᠡᠮᠳᠡᠭᠯᠡᠨ ᠥᠩᠭᠡᠷᠡᠭᠦᠯᠬᠦ ᠤᠴᠢᠷᠲᠠᠢ ᠪᠢᠯᠡ᠃
ᠮᠣᠩ᠋ᠭᠣᠯ ᠪᠢᠳᠡᠨ ᠦ ᠬᠤᠪᠢ ᠳᠤ ᠲᠤᠭ ᠰᠦᠯᠳᠡ ᠨᠢ ᠡᠷᠲᠡᠨ ᠡᠴᠡ ᠨᠠᠰᠢ ᠡᠷ᠎ᠡ ᠴᠡᠷᠢᠭ ᠦᠨ ᠬᠢ ᠨᠢ ᠰᠦᠷ ᠬᠦᠴᠦ᠂ ᠡᠯᠢᠭᠡᠨ ᠲᠦᠮᠡᠨ ᠦ ᠬᠢ ᠨᠢ ᠡᠪ ᠨᠢᠭᠡᠳᠦᠯ᠂ ᠡᠷᠬᠢᠮᠰᠦᠭ ᠲᠥᠷᠥ ᠢᠢᠨ ᠬᠢ ᠨᠢ ᠰᠢᠳᠤᠷᠭᠤ ᠶᠣᠰᠣ᠂ ᠲᠤᠰᠠᠭᠠᠷ ᠪᠠᠢᠢᠳᠠᠯ ᠤᠨ ᠬᠢ ᠨᠢ ᠪᠡᠯᠭᠡ ᠲᠡᠮᠳᠡᠭ ᠪᠠᠢᠢᠯ᠎ᠠ᠃
ᠣᠷᠴᠢᠨ ᠴᠠᠭ ᠤᠨ ᠬᠡᠯᠪᠡᠷᠢ᠂ ᠠᠭᠤᠯᠭ᠎ᠠ ᠲᠠᠢ ᠲᠥᠷᠥ ᠢᠢᠨ ᠳᠠᠯᠪᠠᠭ᠎ᠠ ᠢᠢ 1911 ᠣᠨ ᠳᠤ ᠪᠣᠭᠳᠠ ᠬᠠᠭᠠᠨ 《ᠣᠯᠠᠨ ᠤᠯᠤᠰ ᠤᠨ ᠳᠣᠣᠷ᠎ᠠ ᠴᠥᠮ ᠥᠪᠡᠷ ᠥᠪᠡᠷ ᠦᠨ ᠳᠠᠯᠪᠠᠭ᠎ᠠ ᠪᠤᠢ᠂ ᠪᠢᠳᠡᠨ ᠦ ᠮᠣᠩ᠋ᠭᠣᠯ ᠪᠣᠯᠪᠠᠰᠤ ᠥᠪᠡᠷ ᠢᠶᠡᠨ ᠡᠵᠡᠷᠬᠡᠭ᠌ ᠡᠷᠬᠡ ᠬᠡᠮᠵᠢᠶ᠎ᠡ ᠪᠦᠬᠦᠢ ᠢᠢ ᠢᠯᠡᠷᠬᠡᠢᠢᠯᠡᠪᠡᠯ ᠵᠣᠬᠢᠮᠠᠢ》 ᠬᠡᠮᠡᠨ ᠵᠠᠷᠯᠢᠭ ᠭᠠᠷᠭᠠᠭᠰᠠᠨ ᠢᠶᠠᠷ ᠪᠤᠢ ᠪᠣᠯᠭᠠᠵᠠᠢ᠃
ᠬᠣᠵᠢᠮ ᠨᠢ 1945 ᠣᠨ ᠤ 7 ᠳ᠋ᠤᠭᠠᠷ ᠰᠠᠷ᠎ᠠ ᠢᠢᠨ 10 ᠍ ᠤ ᠡᠳᠦᠷ ᠮᠠᠷᠱᠠᠯ ᠬᠣᠷᠯᠤ᠎ᠠ ᠢᠢᠨ ᠴᠣᠢᠢᠪᠠᠯᠰᠠᠩ ᠪᠦᠭᠦᠳᠠ ᠨᠡᠢᠢᠷᠡᠮᠳᠡᠬᠤ ᠮᠣᠩ᠋ᠭᠤᠯ ᠠᠷᠠᠳ ᠤᠯᠤᠰ ᠍ ᠤᠨ ᠪᠠᠭ᠎ᠠ ᠬᠤᠷᠠᠯ ᠤᠨ ᠲᠡᠷᠢᠭᠦᠯᠡᠭᠴᠢᠳ ᠦᠨ 43 ᠳ᠋ᠤᠭᠠᠷ ᠬᠤᠷᠠᠯ ᠳᠡᠭᠡᠷ᠎ᠡ 《ᠪᠦᠭᠦᠳᠠ ᠨᠡᠢᠢᠷᠡᠮᠳᠡᠬᠤ ᠮᠣᠩ᠋ᠭᠤᠯ ᠠᠷᠠᠳ ᠤᠯᠤᠰ ᠍ ᠤᠨ ᠲᠥᠷᠥ ᠢᠢᠨ ᠳᠠᠯᠪᠠᠭᠠᠨ ᠤ ᠮᠠᠶ᠋ᠢᠭ᠂ ᠨᠠᠢᠢᠷᠠᠭᠤᠯᠤᠯ ᠤᠨ ᠲᠤᠬᠠᠢ》 ᠬᠠᠤᠯᠢ ᠢᠢᠨ ᠵᠢᠭᠠᠯᠲᠠ ᠢᠢ ᠰᠢᠨᠡᠴᠢᠯᠡᠨ ᠨᠠᠢᠢᠷᠠᠭᠤᠯᠬᠤ ᠪᠠᠷ ᠲᠣᠭᠲᠠᠭᠰᠠᠨ ᠨᠢ ᠲᠥᠷᠥ ᠢᠢᠨ ᠳᠠᠯᠪᠠᠭᠠᠨ ᠤ ᠡᠳᠦᠷ ᠢ ᠰᠤᠩ᠋ᠭᠤᠬᠤ ᠰᠡᠳᠦᠯ ᠪᠣᠯᠤᠭᠰᠠᠨ ᠶᠤᠮ᠃ ᠪᠦᠭᠦᠳᠠ ᠨᠡᠢᠢᠷᠡᠮᠳᠡᠬᠤ ᠮᠣᠩ᠋ᠭᠤᠯ ᠠᠷᠠᠳ ᠤᠯᠤᠰ ᠍ ᠤᠨ ᠲᠥᠷᠥ ᠢᠢᠨ ᠳᠠᠯᠪᠠᠭᠠᠨ ᠤ ᠡᠬᠢ ᠢᠢ ᠲᠥᠷᠥ ᠢᠢᠨ ᠱᠠᠩᠨᠠᠯᠲᠤ᠂ ᠤᠷᠠᠯᠢᠭ ᠤᠨ ᠭᠠᠪᠢᠶᠠᠲᠤ ᠵᠢᠳᠬᠦᠯᠲᠡᠨ ᠳ ∙ ᠴᠣᠢᠢᠳᠣᠭ ᠵᠣᠬᠢᠶᠠᠵᠤ᠂ ᠡᠨᠡ ᠦᠢᠯᠡ ᠶᠠᠪᠤᠳᠠᠯ ᠢ 《ᠮᠣᠩ᠋ᠭᠣᠯ ᠤᠯᠤᠰ ᠲᠤᠰᠠᠭᠠᠷ ᠲᠣᠭᠲᠠᠨᠢᠭᠰᠠᠨ ᠤᠯᠤᠰ ᠪᠣᠯᠤᠭᠰᠠᠨ ᠢᠶᠠᠨ ᠥᠨᠳᠥᠷ ᠴᠣᠬᠣᠨ ᠲᠡᠮᠳᠡᠭᠯᠡᠭᠰᠡᠨ ᠶᠠᠪᠤᠳᠠᠯ》 ᠬᠡᠮᠡᠨ ᠮᠠᠷᠱᠠᠯ ᠬ ∙ ᠴᠣᠢᠢᠪᠠᠯᠰᠠᠩ ᠲᠣᠳᠣᠷᠬᠠᠢᠢᠯᠠᠵᠤ ᠪᠠᠢᠢᠵᠠᠢ᠃
1992 ᠣᠨ ᠤ ᠰᠢᠨ᠎ᠡ ᠦᠨᠳᠦᠰᠦᠨ ᠬᠠᠤᠯᠢ ᠪᠣᠯᠤᠨ ᠲᠥᠷᠥ ᠢᠢᠨ ᠪᠡᠯᠭᠡ ᠲᠡᠮᠳᠡᠭ ᠦᠨ ᠲᠤᠬᠠᠢ ᠬᠠᠤᠯᠢ ᠪᠠᠷ 《ᠮᠣᠩ᠋ᠭᠣᠯ ᠤᠯᠤᠰ ᠤᠨ ᠲᠤᠰᠠᠭᠠᠷ ᠲᠣᠭᠲᠠᠨᠢᠯ᠂ ᠪᠦᠷᠢᠨ ᠡᠷᠬᠡᠲᠦ ᠪᠠᠢᠢᠳᠠᠯ ᠤᠨ ᠪᠡᠯᠭᠡ ᠲᠡᠮᠳᠡᠭ ᠨᠢ ᠲᠥᠷᠥ ᠢᠢᠨ ᠰᠦᠯᠳᠡ᠂ ᠲᠤᠭ᠂ ᠳᠠᠯᠪᠠᠭ᠎ᠠ᠂ ᠲᠠᠮᠠᠭ᠎ᠠ᠂ ᠳᠠᠭᠤᠯᠠᠯ ᠮᠥᠨ》 ᠬᠡᠮᠡᠨ ᠬᠠᠤᠯᠢᠴᠢᠯᠠᠵᠤ᠂ ᠲᠥᠷᠥ ᠢᠢᠨ ᠶᠠᠮᠤᠳ᠂ ᠠᠯᠪᠠᠨ ᠭᠠᠵᠠᠷ᠂ ᠲᠥᠷᠥ ᠢᠢᠨ ᠴᠡᠷᠢᠭ ᠦᠨ ᠪᠠᠢᠢᠭᠤᠯᠤᠯᠭ᠎ᠠ ᠨᠤᠭᠤᠳ ᠳᠠᠯᠪᠠᠭ᠎ᠠ ᠢᠢ ᠪᠠᠨ ᠲᠣᠭᠲᠠᠮᠠᠯ ᠮᠠᠨᠳᠤᠭᠤᠯᠵᠤ᠂ ᠠᠢᠢᠯ ᠡᠷᠦᠬᠡ᠂ ᠢᠷᠭᠡᠨ ᠪᠦᠷᠢ ᠰᠦᠰᠦᠯᠡᠨ ᠳᠡᠭᠡᠳᠦᠯᠡᠵᠦ ᠢᠷᠡᠭᠰᠡᠨ ᠶᠤᠮ᠃
ᠮᠣᠩ᠋ᠭᠣᠯ ᠤᠯᠤᠰ ᠤᠨ ᠲᠥᠷᠥ ᠢᠢᠨ ᠳᠠᠯᠪᠠᠭᠠᠨ ᠤ ᠡᠨᠡ ᠡᠳᠦᠷ ᠲᠥᠷᠥ ᠢᠢᠨ ᠴᠡᠷᠢᠭ ᠦᠨ ᠪᠣᠯᠤᠨ ᠬᠠᠤᠯᠢ ᠰᠠᠬᠢᠭᠤᠯᠬᠤ ᠪᠠᠢᠢᠭᠤᠯᠤᠯᠭ᠎ᠠ ᠨᠤᠭᠤᠳ ᠤᠨ ᠨᠡᠢᠢᠲᠡ ᠣᠹᠢᠼᠧᠷ᠂ ᠠᠬᠠᠯᠠᠭᠴᠢ᠂ ᠲᠦᠷᠦᠭᠦᠴᠢ᠂ ᠪᠠᠢᠢᠯᠳᠤᠭᠴᠢ ᠠᠵᠢᠯᠲᠠᠨ ᠠᠯᠪᠠ ᠬᠠᠭᠠᠭᠴᠢᠳ᠂ ᠨᠡᠢᠢᠲᠡ ᠮᠣᠩ᠋ᠭᠣᠯᠴᠤᠳ ᠲᠤ ᠪᠠᠨ ᠬᠠᠯᠠᠭᠤᠨ ᠮᠡᠨᠳᠦ ᠬᠦᠷᠭᠡᠶ᠎ᠡ᠃
ᠮᠣᠩ᠋ᠭᠣᠯ ᠪᠢᠳᠡᠨ ᠦ ᠬᠡᠢᠢᠮᠣᠷᠢ ᠪᠠᠬᠠᠳᠤᠯ ᠣᠷᠣᠰᠢᠭᠰᠠᠨ ᠲᠥᠷᠥ ᠢᠢᠨ ᠠᠯᠲᠠᠨ ᠰᠣᠶᠣᠮᠪᠣᠳᠤ ᠳᠠᠯᠪᠠᠭ᠎ᠠ ᠮᠥᠩᠬᠡ ᠬᠥᠬᠡ ᠲᠩᠷᠢ ᠳᠥ ᠪᠡᠨ ᠮᠠᠨᠳᠤᠨ ᠪᠠᠳᠠᠷᠠᠭᠰᠠᠭᠠᠷ ᠪᠠᠢᠢᠬᠤ ᠪᠣᠯᠲᠤᠭᠠᠢ᠃
ᠳᠡᠭᠡᠳᠦᠰ ᠦᠨ ᠰᠦᠷ ᠰᠦᠯᠳᠡ᠂ ᠮᠥᠩᠬᠡ ᠲᠩᠷᠢ ᠪᠢᠳᠡᠨ ᠢ ᠢᠪᠡᠭᠡᠭ᠌᠃
ᠤᠷᠠᠢ᠂ ᠨᠥᠬᠥᠳ ᠡ!》 ᠭᠡᠯᠡ᠃
ᠡᠨᠡ ᠵᠢᠯ ᠦᠨ ᠴᠡᠷᠢᠭ ᠦᠨ ᠶᠣᠰᠣᠯᠠᠯ ᠤᠨ ᠵᠢᠭ᠌ᠰᠠᠭᠠᠯ ᠳᠤ ᠲᠥᠷᠥ ᠢᠢᠨ ᠴᠡᠷᠢᠭ ᠦᠨ ᠪᠠᠢᠢᠭᠤᠯᠤᠯᠭ᠎ᠠ ᠪᠣᠯᠬᠤ ᠵᠡᠪᠰᠡᠭᠲᠦ ᠬᠦᠴᠦᠨ᠂ ᠬᠢᠯᠢ ᠢᠢᠨ ᠴᠡᠷᠢᠭ᠂ ᠳᠣᠲᠣᠭᠠᠳᠤ ᠢᠢᠨ ᠴᠡᠷᠢᠭ᠂ ᠣᠨᠴᠤᠭᠤᠢ ᠪᠠᠢᠢᠳᠠᠯ ᠤᠨ ᠠᠯᠪᠠ᠂ ᠬᠠᠤᠯᠢ ᠰᠠᠬᠢᠭᠤᠯᠬᠤ ᠪᠠᠢᠢᠭᠤᠯᠤᠯᠭ᠎ᠠ ᠪᠣᠯᠬᠤ ᠴᠠᠭᠳᠠᠭ᠎ᠠ ᠢᠢᠨ ᠶᠡᠷᠦᠩᠬᠡᠢ ᠭᠠᠵᠠᠷ᠂ ᠳᠣᠲᠣᠭᠠᠳᠤ ᠬᠡᠷᠡᠭ ᠦᠨ ᠶᠡᠬᠡ ᠰᠤᠷᠭᠠᠭᠤᠯᠢ ᠵᠡᠷᠭᠡ ᠨᠠᠢᠢᠮᠠᠨ ᠪᠠᠢᠢᠭᠤᠯᠤᠯᠭ᠎ᠠ ᠢᠢᠨ 2000 ᠭᠠᠷᠤᠢ ᠴᠡᠷᠢᠭ ᠦᠨ ᠠᠯᠪᠠ ᠬᠠᠭᠠᠭᠴᠢ᠂ ᠰᠣᠨᠣᠰᠤᠭᠴᠢ᠂ ᠪᠠᠢᠢᠯᠳᠤᠭᠴᠢ ᠣᠷᠣᠯᠴᠠᠯ᠎ᠠ᠃