Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬᠠᠯᠲᠠᠮ᠎ᠠ ᠢᠢᠨ ᠪᠠᠲᠤᠲᠤᠯᠭ᠎ᠠ ᠦᠨᠳᠦᠰᠦᠨ ᠦ ᠶᠡᠬᠡ ᠪᠠᠶᠠᠷ ᠨᠠᠭᠠᠳᠤᠮ ᠢ ᠨᠡᠭᠡᠭᠡᠵᠦ ᠦᠭᠡ ᠬᠡᠯᠡᠪᠡ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠥᠨᠥᠳᠥᠷ ᠲᠤᠯᠭᠤᠷ ᠲᠥᠷᠥ ᠢᠢᠨ 2228᠂ ᠶᠡᠬᠡ ᠮᠣᠩ᠋ᠭᠣᠯ ᠤᠯᠤᠰ ᠤᠨ 813᠂ ᠦᠨᠳᠦᠰᠦᠨ ᠦ ᠡᠷᠬᠡ ᠴᠢᠯᠦᠭᠡᠨ ᠦ ᠬᠤᠪᠢᠰᠬᠠᠯ ᠤᠨ 108᠂ ᠠᠷᠠᠳ ᠤᠨ ᠬᠤᠪᠢᠰᠬᠠᠯ ᠤᠨ 98 ᠵᠢᠯ ᠦᠨ ᠣᠢ᠂ ᠠᠷᠠᠳᠴᠢᠯᠠᠭᠰᠠᠨ ᠬᠤᠪᠢᠰᠬᠠᠯ ᠤᠨ 30 ᠵᠢᠯ ᠦᠨ ᠣᠢ᠂ ᠦᠨᠳᠦᠰᠦᠨ ᠦ ᠶᠡᠬᠡ ᠪᠠᠶᠠᠷ ᠨᠠᠭᠠᠳᠤᠮ ᠢ ᠨᠡᠭᠡᠭᠡᠵᠦ ᠦᠭᠡ ᠬᠡᠯᠡᠯ᠎ᠡ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠦᠨᠳᠦᠰᠦᠨ ᠦ ᠶᠡᠬᠡ ᠪᠠᠶᠠᠷ ᠨᠠᠭᠠᠳᠤᠮ ᠢ ᠨᠡᠭᠡᠭᠡᠵᠦ᠄

ᠮᠣᠩ᠋ᠭᠣᠯᠴᠤᠳ ᠠ᠋᠂
ᠳᠡᠯᠡᠬᠡᠢ ᠳᠠᠶᠠᠭᠠᠷ ᠲᠤ ᠲᠠᠷᠬᠠᠨ ᠰᠠᠭᠤᠷᠢᠰᠢᠭ᠌ᠰᠠᠨ ᠮᠣᠩ᠋ᠭᠣᠯ ᠲᠤᠭᠤᠷᠭᠠᠲᠠᠨ ᠨᠤᠭᠤᠳ ᠠ᠋᠂
ᠮᠣᠩ᠋ᠭᠣᠯ ᠣᠷᠣᠨ ᠳᠤ ᠮᠣᠷᠢᠯᠠᠨ ᠢᠷᠡᠭᠰᠡᠨ ᠡᠷᠬᠢᠮ ᠵᠣᠴᠢᠳ᠂ ᠵᠢᠭᠤᠯᠴᠢᠳ ᠠ᠋!

ᠲᠠ ᠪᠦᠬᠦᠨ ᠳᠥ ᠮᠣᠩ᠋ᠭᠣᠯ ᠲᠦᠮᠡᠨ ᠦ ᠶᠡᠬᠡ ᠴᠡᠩᠭᠡᠯ – ᠦᠨᠳᠦᠰᠦᠨ ᠦ ᠪᠠᠶᠠᠷ ᠨᠠᠭᠠᠳᠤᠮ ᠤᠨ ᠳᠡᠯᠭᠡᠷ ᠮᠡᠨᠳᠦ ᠢᠢ ᠡᠷᠭᠦᠨ ᠳᠡᠪᠰᠢᠭᠦᠯᠦᠶ᠎ᠡ᠃

ᠥᠨᠥ ᠵᠢᠯ ᠮᠣᠩ᠋ᠭᠣᠯ ᠤᠨ ᠲᠤᠯᠭᠤᠷ ᠲᠥᠷᠥ ᠢᠢᠨ 2228᠂ ᠶᠡᠬᠡ ᠮᠣᠩ᠋ᠭᠣᠯ ᠤᠯᠤᠰ ᠪᠠᠢᠢᠭᠤᠯᠤᠭᠳᠠᠭᠰᠠᠨ ᠤ 813᠂ ᠦᠨᠳᠦᠰᠦᠨ ᠦ ᠡᠷᠬᠡ ᠴᠢᠯᠦᠭᠡ᠂ ᠲᠤᠰᠠᠭᠠᠷ ᠲᠣᠭᠲᠠᠨᠢᠯ ᠢᠶᠠᠨ ᠰᠡᠷᠭᠦᠭᠡᠨ ᠮᠠᠨᠳᠤᠭᠤᠯᠤᠭᠰᠠᠨ ᠤ 108᠂ ᠠᠷᠠᠳ ᠤᠨ ᠬᠤᠪᠢᠰᠬᠠᠯ ᠤᠨ 98 ᠵᠢᠯ᠂ ᠨᠠᠭᠠᠰᠢᠯᠠᠭᠠᠳ ᠠᠷᠠᠳᠴᠢᠯᠠᠭᠰᠠᠨ ᠬᠤᠪᠢᠰᠬᠠᠯ ᠤᠨ 30 ᠵᠢᠯ ᠦᠨ ᠣᠢ ᠲᠣᠬᠢᠶᠠᠵᠤ ᠪᠠᠢᠢᠨ᠎ᠠ᠃

ᠲᠡᠦᠬᠡ ᠢᠢᠨ ᠡᠳᠡᠭᠡᠷ ᠲᠣᠳᠣ ᠲᠣᠭᠠᠯᠠᠯ ᠢ ᠬᠡᠷᠡᠭᠯᠡᠵᠦ ᠬᠡᠪᠰᠢᠭᠰᠡᠨ ᠶᠠᠪᠤᠳᠠᠯ ᠨᠢ ᠪᠢᠳᠡ ᠡᠨᠡ ᠲᠡᠦᠬᠡ ᠪᠡᠷ ᠢᠶᠡᠨ ᠪᠠᠬᠠᠷᠬᠠᠵᠤ᠂ ᠲᠤᠰᠠᠭᠠᠷ ᠮᠣᠩ᠋ᠭᠣᠯ ᠤᠯᠤᠰ ᠤᠨ ᠢᠶᠠᠨ ᠤᠭ ᠦᠨᠳᠦᠰᠦ ᠢᠢ ᠮᠠᠨᠳᠤᠭᠤᠯᠤᠨ ᠰᠡᠷᠭᠦᠭᠡᠬᠦ ᠢᠢᠨ ᠵᠡᠷᠭᠡᠴᠡᠭᠡ ᠰᠤᠷᠭᠠᠮᠵᠢ ᠵᠠᠬᠢᠶᠠᠰᠤ ᠢᠢ ᠠᠪᠬᠤ ᠢᠢᠨ ᠲᠤᠯᠠᠳᠠ ᠶᠤᠮ ᠭᠡᠳᠡᠭ ᠢ ᠰᠠᠨᠠᠭᠤᠯᠤᠶ᠎ᠠ᠃ ᠲᠡᠦᠬᠡ ᠰᠤᠶᠤᠯ ᠢᠶᠠᠨ ᠲᠠᠨᠢᠨ ᠮᠡᠳᠡᠬᠦ ᠢᠢᠨ ᠬᠢᠷᠢ ᠪᠡᠷ ᠬᠦᠮᠦᠨ ᠳᠥ ᠡᠬᠡ ᠣᠷᠣᠨᠴᠢ ᠰᠡᠳᠬᠢᠯ᠂ ᠦᠨᠳᠦᠰᠦᠨ ᠦ ᠦᠵᠡᠯ᠂ ᠢᠷᠡᠭᠡᠳᠦᠢ ᠢᠢᠨ ᠡᠮᠦᠨ᠎ᠡ ᠬᠦᠯᠢᠶᠡᠬᠦ ᠡᠭᠦᠷᠭᠡ ᠬᠠᠷᠢᠭᠤᠴᠠᠯᠭ᠎ᠠ᠂ ᠤᠬᠠᠭᠠᠷᠠᠯ ᠲᠥᠯᠦᠪᠰᠢᠯ ᠰᠠᠭᠤᠵᠤ ᠪᠠᠢᠢᠳᠠᠭ᠃ ᠲᠡᠷᠡ ᠲᠤᠰᠤᠮ ᠢᠶᠠᠨ ᠮᠣᠩ᠋ᠭᠣᠯ ᠤᠨ ᠲᠡᠦᠬᠡ ᠪᠣᠯ ᠳᠡᠯᠡᠬᠡᠢ ᠢᠢᠨ ᠲᠡᠦᠬᠡ ᠢᠢ ᠪᠦᠲᠦᠭᠡᠵᠦ᠂ ᠡᠩᠬᠡ ᠠᠮᠤᠭᠤᠯᠠᠩ ᠢ ᠲᠣᠭᠲᠠᠨᠢᠭᠠᠵᠤ ᠶᠠᠪᠤᠭᠰᠠᠨ ᠡᠪᠦᠭᠡ ᠳᠡᠭᠡᠳᠦᠰ ᠦᠨ ᠮᠠᠨᠢ ᠪᠢᠳᠡᠨ ᠳᠥ ᠦᠯᠡᠳᠡᠭᠡᠭ᠍ᠰᠡᠨ ᠬᠠᠮᠤᠭ ᠤᠨ ᠲᠣᠮᠣ ᠥᠪ ᠪᠠᠬᠠᠷᠬᠠᠯ ᠶᠤᠮ᠃

ᠨᠠᠭᠠᠳᠤᠮ ᠪᠣᠯ ᠮᠣᠩ᠋ᠭᠣᠯ ᠪᠢᠳᠡᠨ ᠦ ᠡᠪᠦᠭᠡ ᠳᠡᠭᠡᠳᠦᠰ᠂ ᠲᠡᠦᠬᠡᠲᠦ ᠡᠬᠡ ᠨᠤᠲᠤᠭ ᠲᠤ ᠪᠠᠨ ᠦᠵᠡᠭᠦᠯᠵᠦ ᠪᠤᠢ ᠥᠷᠭᠡᠨ ᠶᠡᠬᠡ ᠬᠦᠨᠳᠦᠳᠬᠡᠯ᠂ ᠳᠡᠭᠡᠳᠦᠰ ᠦᠨ ᠰᠦᠷ ᠰᠦᠯᠳᠡ᠂ ᠢᠪᠡᠭᠡᠯ ᠬᠦᠴᠦ ᠢᠢ ᠬᠤᠷᠤᠢᠢᠯᠠᠭᠰᠠᠨ ᠪᠡᠯᠭᠡᠳᠡᠯ ᠦᠨ ᠴᠣᠭᠴᠠᠯᠠᠪᠤᠷᠢ ᠵᠠᠩ ᠦᠢᠯᠡ ᠬᠢᠭᠡᠳ ᠬᠣᠢᠢᠴᠢ ᠦᠶ᠎ᠡ ᠳᠡᠭᠡᠨ ᠡᠨᠡ ᠪᠦᠬᠦᠨ ᠢᠶᠡᠨ ᠥᠪᠯᠡᠭᠦᠯᠬᠦ ᠢᠢᠨ ᠠᠨᠳᠠᠭᠠᠢ ᠲᠠᠩ᠋ᠭᠠᠷᠢᠭ᠂ ᠥᠨᠢ ᠡᠷᠲᠡᠨ ᠡᠴᠡ ᠤᠯᠠᠮᠵᠢᠯᠠᠨ ᠠᠪᠴᠤ ᠶᠠᠪᠤᠭ᠎ᠠ ᠥᠪ ᠶᠡᠬᠡ ᠰᠤᠶᠤᠯ᠂ ᠬᠦᠮᠦᠨ ᠪᠦᠷᠢ ᠢᠢᠨ ᠴᠢᠩ ᠰᠡᠳᠬᠢᠯ᠂ ᠬᠥᠭᠡᠷ ᠪᠠᠶᠠᠰᠤᠯ ᠢᠯᠡᠷᠡᠳᠡᠭ ᠪᠠᠬᠠᠷᠬᠠᠯᠳᠤ ᠶᠣᠰᠣᠯᠠᠯ ᠮᠥᠨ ᠪᠢᠯᠡ᠃

ᠲᠥᠷᠥᠳᠥ ᠶᠣᠰᠣᠨ ᠤ ᠶᠡᠬᠡ ᠪᠠᠶᠠᠷ ᠴᠡᠩᠭᠡᠯ ᠨᠠᠭᠠᠳᠤᠮ ᠢᠶᠠᠷ ᠢᠶᠠᠨ ᠲᠡᠦᠬᠡ ᠰᠤᠶᠤᠯ ᠤᠨ ᠢᠶᠠᠨ ᠶᠡᠬᠡ ᠤᠯᠪᠠᠭ᠎ᠠ ᠢᠢ ᠲᠣᠳᠣᠳᠬᠠᠨ ᠳᠡᠪᠵᠢᠭᠡᠵᠦ᠂ ᠬᠦᠴᠦᠲᠦ ᠪᠥᠬᠡᠴᠦᠳ ᠮᠠᠨᠢ ᠤᠷᠠᠨ ᠮᠡᠬᠡ ᠢᠢ ᠤᠷᠤᠯᠳᠤᠭᠤᠯᠤᠨ᠂ ᠦᠨᠡᠨ ᠬᠦᠴᠦ ᠢᠢ ᠦᠵᠡᠨ ᠪᠠᠷᠢᠯᠳᠤᠵᠤ᠂ ᠡᠷᠳᠡᠮᠲᠦ ᠤᠶᠠᠭᠠᠴᠢᠳ ᠮᠠᠨᠢ ᠠᠵᠢᠨᠠᠢ ᠮᠣᠩ᠋ᠭᠣᠯ ᠮᠣᠷᠢᠳ ᠢᠶᠠᠨ ᠤᠶᠠᠵᠤ ᠤᠷᠤᠯᠳᠤᠭᠤᠯᠵᠤ᠂ ᠮᠡᠷᠭᠡᠨ ᠬᠠᠷᠪᠤᠭᠠᠴᠢᠳ ᠮᠠᠨᠢ ᠡᠷᠬᠡᠢ ᠢᠢᠨ ᠡᠷᠴᠢ᠂ ᠬᠠᠷᠠᠭᠠᠨ ᠴᠡᠴᠡ ᠢᠢ ᠰᠣᠷᠢᠨ᠂ ᠲᠦᠮᠡᠨ ᠣᠯᠠᠨ ᠢᠶᠠᠨ ᠪᠠᠶᠠᠰᠬᠠᠨ ᠴᠡᠩᠭᠡᠭᠦᠯᠦᠭᠰᠡᠭᠡᠷ ᠪᠠᠢᠢᠬᠤ ᠤᠴᠢᠷᠲᠠᠢ᠃

《ᠡᠷ᠎ᠡ ᠢᠢᠨ ᠭᠤᠷᠪᠠᠨ ᠨᠠᠭᠠᠳᠤᠮ》 ᠭᠡᠬᠦ ᠨᠡᠷᠡᠰᠢᠯ ᠡᠴᠡ ᠪᠡᠨ ᠡᠬᠢᠯᠡᠭᠡᠳ᠂ ᠬᠦᠴᠦᠲᠦ ᠪᠥᠬᠡ ᠢᠢᠨ ᠪᠠᠷᠢᠯᠳᠤᠭᠠᠨ᠂ ᠬᠤᠷᠳᠤᠨ ᠮᠣᠷᠢᠨ ᠤ ᠤᠷᠤᠯᠳᠤᠭᠠᠨ᠂ ᠰᠤᠷ ᠤᠨ ᠮᠡᠷᠭᠡᠨ ᠬᠠᠷᠪᠤᠭ᠎ᠠ ᠪᠣᠯ ᠮᠣᠩ᠋ᠭᠣᠯ ᠡᠷ᠎ᠡ ᠬᠦᠮᠦᠨ ᠦ ᠡᠷᠳᠡᠮ ᠴᠢᠳᠠᠯ᠂ ᠦᠨᠡᠯᠡᠮᠵᠢ ᠰᠢᠯᠭᠠᠭᠤᠷ ᠢ ᠲᠣᠳᠣᠷᠬᠠᠢᠢᠯᠠᠵᠤ ᠢᠷᠡᠭᠰᠡᠨ ᠡᠷᠲᠡᠨ ᠦ ᠲᠡᠦᠬᠡᠲᠦ ᠤᠯᠠᠮᠵᠢᠯᠠᠯ ᠶᠣᠰᠣᠨ᠃ ᠮᠣᠩ᠋ᠭᠣᠯᠴᠤᠳ ᠡᠷ᠎ᠡ ᠬᠦᠮᠦᠨ ᠦ ᠡᠨᠡ ᠭᠤᠷᠪᠠᠨ ᠡᠷᠳᠡᠮ ᠳᠥ ᠲᠦᠰᠢᠭᠯᠡᠨ ᠶᠡᠬᠡ ᠲᠡᠦᠬᠡ ᠪᠡᠨ ᠪᠦᠲᠦᠭᠡᠵᠦ᠂ ᠥᠪ ᠰᠤᠶᠤᠯ ᠢᠶᠠᠨ ᠴᠣᠭᠴᠠᠯᠠᠭᠠᠵᠤ᠂ ᠭᠦᠷᠦᠨ ᠤᠯᠤᠰ ᠢᠶᠠᠨ ᠪᠠᠢᠢᠭᠤᠯᠵᠤ ᠶᠠᠪᠤᠭᠰᠠᠨ᠃
ᠮᠣᠩ᠋ᠭᠣᠯ ᠲᠥᠷᠥ ᠢᠢᠨ ᠶᠡᠬᠡ ᠨᠠᠭᠠᠳᠤᠮ ᠨᠢ ᠲᠠ ᠪᠢᠳᠡᠨ ᠢ ᠪᠡᠶ᠎ᠡ ᠰᠡᠳᠬᠢᠯ ᠢᠶᠡᠷ ᠢᠶᠡᠨ ᠵᠢᠩᠬᠢᠨᠢ ᠮᠣᠩ᠋ᠭᠣᠯ ᠬᠦᠮᠦᠨ ᠬᠡᠮᠡᠨ ᠣᠢᠢᠯᠠᠭᠠᠭᠤᠯᠵᠤ᠂ ᠢᠵᠢᠯᠰᠡᠭᠦᠯᠳᠡᠭ ᠪᠠᠶᠠᠷ ᠮᠥᠨ᠃ ᠲᠡᠭᠦᠨᠴᠢᠯᠡᠨ ᠮᠣᠩ᠋ᠭᠣᠯ ᠬᠡᠮᠡᠬᠦ ᠳᠠᠪᠲᠠᠭᠳᠠᠰᠢ ᠦᠭᠡᠢ ᠥᠪᠡᠷᠮᠢᠴᠡ ᠰᠤᠶᠤᠯ ᠲᠠᠢ᠂ ᠢᠯᠭᠠᠮᠵᠢ ᠲᠠᠢ ᠦᠨᠳᠦᠰᠦᠲᠡᠨ ᠪᠣᠯᠬᠤ ᠢᠢ ᠢᠯᠡᠳᠬᠡᠳᠡᠭ ᠦᠢᠯᠡ ᠶᠠᠪᠤᠳᠠᠯ ᠶᠤᠮ᠃ ᠡᠨᠡ ᠪᠠᠶᠠᠷ ᠢᠶᠠᠷ ᠢᠶᠠᠨ ᠪᠢᠳᠡ ᠡᠷᠲᠡᠨ ᠦ ᠲᠡᠦᠬᠡᠲᠦ ᠮᠣᠩ᠋ᠭᠣᠯ ᠤᠨ ᠢᠶᠠᠨ ᠪᠠᠬᠠᠷᠬᠠᠯ ᠢ ᠪᠠᠳᠠᠷᠠᠭᠠᠵᠤ᠂ ᠦᠨᠳᠦᠰᠦᠨ ᠦ ᠰᠤᠶᠤᠯ ᠢ ᠮᠠᠨᠳᠤᠭᠤᠯᠳᠠᠭ᠃

ᠲᠡᠢᠢᠮᠦ ᠴᠤ ᠤᠴᠢᠷ ᠠᠴᠠ ᠭᠠᠢᠢᠬᠠᠮᠰᠢᠭᠲᠤ ᠮᠣᠩ᠋ᠭᠣᠯ ᠨᠠᠭᠠᠳᠤᠮ ᠢ ᠶᠦᠨᠧᠰᠺᠣ ᠢᠢᠨ ᠥᠪ ᠲᠦᠷ ᠪᠦᠷᠢᠳᠬᠡᠵᠦ᠂ 《ᠳᠡᠯᠡᠬᠡᠢ ᠢᠢᠨ ᠰᠤᠶᠤᠯ ᠤᠨ ᠥᠪ》 ᠬᠡᠮᠡᠨ ᠲᠣᠳᠣᠷᠬᠠᠢᠢᠯᠠᠭᠰᠠᠨ ᠶᠤᠮ᠃

ᠬᠦᠨᠳᠦᠳᠦ ᠵᠣᠴᠢᠳ᠂ ᠵᠢᠭᠤᠯᠴᠢᠳ ᠠ᠋᠂

ᠮᠣᠩ᠋ᠭᠣᠯ ᠣᠷᠣᠨ ᠳᠤ ᠲᠠᠪᠠᠲᠠᠢ ᠮᠣᠷᠢᠯᠠᠵᠤ᠂ ᠮᠣᠩ᠋ᠭᠣᠯ ᠨᠠᠭᠠᠳᠤᠮ ᠢ ᠲᠠᠭᠠᠯᠠᠨ ᠪᠣᠯᠭᠣᠭᠠᠭᠲᠤᠨ᠃

ᠡᠷᠬᠢᠮ ᠰᠤᠶᠤᠯᠳᠤ ᠨᠠᠭᠠᠳᠤᠮᠴᠢᠳ ᠠ᠋᠂

ᠮᠣᠩ᠋ᠭᠣᠯ ᠣᠷᠣᠨ᠂ ᠳᠡᠯᠡᠬᠡᠢ ᠳᠠᠶᠠᠭᠠᠷ ᠲᠤ ᠲᠠᠷᠬᠠᠨ ᠰᠠᠭᠤᠷᠢᠰᠢᠭ᠌ᠰᠠᠨ ᠮᠣᠩ᠋ᠭᠣᠯ ᠬᠦᠮᠦᠨ ᠪᠦᠷᠢ ᠮᠣᠩ᠋ᠭᠣᠯ ᠨᠠᠭᠠᠳᠤᠮ ᠢᠶᠠᠨ ᠰᠡᠳᠬᠢᠯ ᠲᠡᠨᠢᠭᠦᠨ᠂ ᠪᠠᠬᠠᠷᠬᠠᠯ ᠳᠦᠭᠦᠷᠡᠩ᠂ ᠥᠯᠵᠡᠢ ᠲᠡᠭᠦᠰ᠂ ᠬᠤᠪᠢ ᠲᠡᠭᠰᠢ ᠲᠡᠮᠳᠡᠭᠯᠡᠬᠦ ᠢᠢ ᠢᠷᠦᠭᠡᠶ᠎ᠡ᠃ ᠰᠠᠢᠢᠬᠠᠨ ᠨᠠᠭᠠᠳᠤᠭᠠᠷᠠᠢ᠃

ᠨᠠᠭᠠᠳᠤᠮ ᠤᠨ ᠳᠠᠷᠠᠭ᠎ᠠ ᠠᠴᠠ 1992 ᠣᠨ ᠳᠤ ᠲᠤᠩ᠋ᠬᠠᠭᠯᠠᠭᠰᠠᠨ ᠠᠷᠠᠳᠴᠢᠯᠠᠭᠰᠠᠨ ᠦᠨᠳᠦᠰᠦᠨ ᠬᠠᠤᠯᠢ ᠢᠢᠨ ᠢᠶᠠᠨ ᠠᠮᠵᠢᠯᠲᠠ ᠣᠯᠤᠯᠲᠠ ᠢᠢ ᠠᠬᠢᠭᠤᠯᠵᠤ᠂ ᠠᠯᠳᠠᠭ᠎ᠠ ᠳᠤᠲᠠᠭᠳᠠᠯ ᠢ ᠵᠠᠰᠠᠬᠤ ᠲᠡᠦᠬᠡᠨ ᠬᠠᠷᠢᠭᠤᠴᠠᠯᠭ᠎ᠠ ᠲᠠᠢ ᠴᠠᠭ ᠦᠶ᠎ᠡ ᠲᠣᠬᠢᠶᠠᠵᠤ ᠪᠠᠢᠢᠨ᠎ᠠ᠃ ᠮᠣᠩ᠋ᠭᠣᠯ ᠤᠯᠤᠰ ᠤᠨ ᠲᠤᠰᠠᠭᠠᠷ ᠲᠣᠭᠲᠠᠨᠢᠯ᠂ ᠪᠦᠷᠢᠨ ᠡᠷᠬᠡᠲᠦ ᠪᠠᠢᠢᠳᠠᠯ ᠤᠨ ᠪᠠᠲᠤᠯᠠᠭ᠎ᠠ᠂ ᠣᠷᠣᠰᠢᠨ ᠲᠣᠭᠲᠠᠨᠢᠬᠤᠢ ᠢᠢᠨ ᠡᠬᠢ ᠦᠨᠳᠦᠰᠦ ᠪᠣᠯᠤᠭᠰᠠᠨ ᠦᠨᠳᠦᠰᠦᠨ ᠬᠠᠤᠯᠢ ᠳᠤ ᠨᠡᠮᠡᠯᠲᠡ᠂ ᠥᠭᠡᠷᠡᠴᠢᠯᠡᠯᠲᠡ ᠤᠷᠤᠭᠤᠯᠬᠤ ᠠᠵᠢᠯ ᠳᠤ ᠢᠷᠭᠡᠨ ᠪᠦᠷ ᠠᠩᠬᠠᠷᠤᠯ ᠬᠠᠷᠢᠭᠤᠴᠠᠯᠭᠠᠲᠠᠢ ᠬᠠᠨᠳᠤᠵᠤ᠂ ᠢᠳᠡᠪᠬᠢ ᠣᠷᠣᠯᠴᠠᠭ᠎ᠠ ᠢᠢ ᠪᠠᠨ ᠬᠠᠩ᠋ᠭᠠᠬᠤ ᠨᠢ ᠶᠠᠭᠤ ᠶᠠᠭᠤᠨ ᠠᠴᠠ ᠴᠢᠬᠤᠯᠠ ᠪᠣᠯᠬᠤ ᠢᠢ ᠨᠡᠢᠢᠲᠡ ᠠᠷᠠᠳ ᠢᠷᠭᠡᠳ ᠲᠥ ᠪᠡᠨ ᠵᠠᠷᠯᠠᠨ ᠰᠣᠨᠣᠷᠳᠠᠭᠤᠯᠤᠶ᠎ᠠ᠃

ᠥᠨᠥ ᠢᠢᠨ ᠲᠠ ᠪᠢᠳᠡᠨ ᠳᠥ ᠲᠤᠰᠠᠭᠠᠷ ᠲᠣᠭᠲᠠᠨᠢᠯ᠂ ᠲᠡᠦᠬᠡ ᠰᠤᠶᠤᠯ ᠢᠶᠠᠨ ᠢᠮᠠᠭᠲᠠ ᠵᠢᠷᠦᠬᠡᠨ ᠲᠣᠯᠲᠣ᠂ ᠨᠢᠳᠦᠨ ᠦ ᠴᠡᠴᠡᠭᠡᠢ ᠮᠡᠲᠦ ᠡᠷᠬᠢᠮᠯᠡᠨ ᠬᠠᠢᠢᠷᠠᠯᠠᠵᠤ ᠶᠠᠪᠤᠬᠤ ᠲᠡᠦᠬᠡᠨ ᠡᠭᠦᠷᠭᠡ ᠪᠤᠢ ᠢᠢ ᠮᠣᠩ᠋ᠭᠣᠯ ᠨᠠᠭᠠᠳᠤᠮ ᠮᠠᠨᠢ ᠰᠠᠨᠠᠭᠤᠯᠵᠤ ᠪᠠᠢᠢᠨ᠎ᠠ᠃ ᠪᠦᠷᠢᠨ ᠡᠷᠬᠡᠲᠦ᠂ ᠲᠤᠰᠠᠭᠠᠷ ᠮᠣᠩ᠋ᠭᠣᠯ ᠤᠯᠤᠰ ᠪᠠᠢᠢᠭ᠎ᠠ ᠴᠠᠭ ᠲᠤ ᠦᠨᠳᠦᠰᠦᠨ ᠦ ᠶᠡᠬᠡ ᠪᠠᠶᠠᠷ ᠨᠠᠭᠠᠳᠤᠮ ᠮᠠᠨᠢ ᠮᠥᠩᠬᠡ ᠤᠷᠤᠰᠢᠬᠤ ᠪᠣᠯᠤᠨ᠎ᠠ᠃

ᠮᠥᠩᠬᠡ ᠲᠩᠷᠢ ᠢᠢᠨ ᠲᠠᠭᠠᠯᠠᠯ ᠢᠪᠡᠭᠡᠯ ᠳᠦᠷ ᠮᠣᠩ᠋ᠭᠣᠯ ᠨᠠᠭᠠᠳᠤᠮ ᠡᠬᠢᠯᠡᠯ᠎ᠡ᠃
ᠬᠤᠷᠤᠢ᠂ ᠬᠤᠷᠤᠢ᠂ ᠬᠤᠷᠤᠢ》 ᠭᠡᠯ᠎ᠡ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠦᠭᠡ ᠬᠡᠯᠡᠵᠦ ᠳᠠᠭᠤᠰᠤᠭᠰᠠᠨ ᠤ ᠳᠠᠷᠠᠭ᠎ᠠ ᠲᠥᠷᠥ ᠢᠢᠨ ᠶᠢᠰᠦᠨ ᠬᠥᠯᠲᠦ᠂ ᠶᠡᠬᠡ ᠴᠠᠭᠠᠨ ᠲᠤᠭ ᠳᠤᠷ ᠬᠦᠨᠳᠦᠳᠬᠡᠯ ᠦᠵᠡᠭᠦᠯᠦᠭᠰᠡᠨ ᠢᠶᠡᠷ ᠦᠨᠳᠦᠰᠦᠨ ᠦ ᠶᠡᠬᠡ ᠪᠠᠶᠠᠷ ᠨᠠᠭᠠᠳᠤᠮ ᠠᠯᠪᠠᠨ ᠶᠣᠰᠣᠭᠠᠷ ᠡᠬᠢᠯᠡᠪᠡ᠃ ᠲᠥᠷᠥ ᠢᠢᠨ ᠲᠡᠷᠢᠭᠦᠨ ᠦᠨᠳᠦᠰᠦᠨ ᠦ ᠶᠡᠬᠡ ᠪᠠᠶᠠᠷ ᠨᠠᠭᠠᠳᠤᠮ ᠤᠨ ᠨᠡᠭᠡᠭᠡᠯᠲᠡ ᠢᠢᠨ ᠦᠢᠯᠡ ᠠᠵᠢᠯᠯᠠᠭ᠎ᠠ ᠢᠢ ᠦᠵᠡᠵᠦ ᠪᠠᠢᠢᠨ᠎ᠠ᠃