Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠪᠦᠭᠦᠳᠡ ᠨᠠᠢᠢᠷᠠᠮᠳᠠᠬᠤ ᠰᠣᠼᠢᠶᠠᠯᠢᠰᠲ ᠸᠢᠶᠧᠲ᠋ᠨᠠᠮ ᠤᠯᠤᠰ ᠤᠨ ᠨᠡᠢᠢᠭᠡᠮ ᠤᠨ ᠠᠶᠤᠯ ᠦᠭᠡᠢ ᠪᠠᠢᠢᠳᠠᠯ ᠤᠨ ᠰᠠᠢᠢᠳ ᠲᠣ᠋ ᠯᠠᠮ ᠢ ᠬᠦᠯᠢᠶᠡᠨ ᠠᠪᠴᠤ ᠠᠭᠤᠯᠵᠠᠪᠠ

ᠬᠠᠤᠯᠢ ᠵᠦᠢ᠂ ᠳᠣᠲᠣᠭᠠᠳᠤ ᠬᠡᠷᠡᠭ ᠦᠨ ᠰᠠᠢᠢᠳ ᠴ ∙ ᠨᠢᠮᠠᠳᠣᠷᠵᠢ᠂ ᠦᠨᠳᠦᠰᠦᠨ ᠦ ᠠᠶᠤᠯ ᠦᠭᠡᠢ ᠪᠠᠢᠢᠳᠠᠯ ᠤᠨ ᠵᠥᠪᠯᠡᠯ ᠦᠨ ᠨᠠᠷᠢᠨ ᠪᠢᠴᠢᠭ᠌ ᠦᠨ ᠳᠠᠷᠤᠭ᠎ᠠ ᠠ᠊ ∙ ᠭᠠᠩᠰᠦ᠋ᠬᠡ ᠨᠠᠷ ᠤᠨ ᠤᠷᠢᠯᠭ᠎ᠠ ᠪᠠᠷ ᠡᠨᠡ ᠰᠠᠷ᠎ᠠ ᠢᠢᠨ 9-12 ᠍ ᠤ ᠡᠳᠦᠷ ᠦᠳ ᠲᠥ ᠮᠣᠩ᠋ᠭᠣᠯ ᠤᠯᠤᠰ ᠲᠤ ᠠᠢᠢᠯᠴᠢᠯᠠᠵᠤ ᠪᠠᠢᠢᠭ᠎ᠠ ᠪᠦᠭᠦᠳᠡ ᠨᠠᠢᠢᠷᠠᠮᠳᠠᠬᠤ ᠰᠣᠼᠴᠢᠶᠠᠯᠢᠰᠲ ᠸᠢᠶᠧᠲ᠋ᠨᠠᠮ ᠤᠯᠤᠰ ᠤᠨ ᠨᠡᠢᠢᠭᠡᠮ ᠦᠨ ᠠᠶᠤᠯ ᠦᠭᠡᠢ ᠪᠠᠢᠢᠳᠠᠯ ᠤᠨ ᠰᠠᠢᠢᠳ ᠲᠣ᠋ ᠯᠠᠮ ᠢ ᠥᠨᠥᠳᠥᠷ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠬᠦᠯᠢᠶᠡᠨ ᠠᠪᠴᠤ ᠠᠭᠤᠯᠵᠠᠯ᠎ᠠ᠃

ᠠᠭᠤᠯᠵᠠᠯᠲᠠ ᠢᠢᠨ ᠡᠬᠢᠨ ᠳᠥ ᠨᠣᠶᠠᠨ ᠲᠣ᠋ ᠯᠠᠮ ᠠᠢᠢᠯᠴᠢᠯᠠᠯ ᠤᠨ ᠢᠶᠠᠨ ᠬᠦᠷᠢᠶᠡᠨ ᠳᠥ ᠬᠠᠤᠯᠢ ᠵᠦᠢ᠂ ᠳᠣᠲᠣᠭᠠᠳᠤ ᠬᠡᠷᠡᠭ ᠦᠨ ᠰᠠᠢᠢᠳ ᠴ ∙ ᠨᠢᠮᠠᠳᠣᠷᠵᠢ ᠲᠠᠢ ᠭᠡᠮᠲᠦ ᠡᠲᠡᠭᠡᠳ ᠰᠢᠯᠵᠢᠭᠦᠯᠬᠦ ᠲᠤᠬᠠᠢ ᠮᠣᠩ᠋ᠭᠣᠯ ᠤᠯᠤᠰ-ᠪᠦᠭᠦᠳᠡ ᠨᠠᠢᠢᠷᠠᠮᠳᠠᠬᠤ ᠰᠣᠼᠢᠶᠠᠯᠢᠰᠲ ᠸᠢᠶᠧᠲ᠋ᠨᠠᠮ ᠤᠯᠤᠰ ᠬᠣᠭᠣᠷᠣᠨᠳᠣ ᠢᠢᠨ ᠭᠡᠷ ᠡ᠂ ᠳᠣᠲᠣᠭᠠᠳᠤ ᠬᠡᠷᠡᠭ ᠦᠨ ᠰᠠᠯᠪᠤᠷᠢ ᠢᠢᠨ ᠪᠤᠰᠤᠳ ᠴᠢᠬᠤᠯᠠ ᠪᠠᠷᠢᠮᠲᠠ ᠪᠢᠴᠢᠭ᠌ ᠦᠳ ᠢ ᠦᠵᠡᠰᠦᠭᠯᠡᠭᠰᠡᠨ ᠵᠡᠷᠭᠡ ᠨᠢ ᠴᠢᠨᠠᠭᠰᠢᠳᠠ ᠢᠢᠨ ᠬᠠᠮᠲᠤ ᠢᠢᠨ ᠠᠵᠢᠯᠯᠠᠭ᠎ᠠ ᠤᠯᠠᠮ ᠢᠳᠡᠪᠬᠢᠵᠢᠬᠦ ᠰᠠᠭᠤᠷᠢ ᠪᠣᠯᠵᠤ᠂ ᠠᠢᠢᠯᠴᠢᠯᠠᠯ ᠦᠷ᠎ᠡ ᠳ᠋ᠦᠩᠲᠡᠢ᠂ ᠬᠠᠯᠠᠭᠤᠨ ᠳᠣᠲᠣᠨᠣ ᠦᠷᠭᠦᠯᠵᠢᠯᠡᠵᠦ ᠪᠤᠢ ᠳᠤ ᠲᠠᠯᠠᠷᠬᠠᠯ ᠢᠯᠡᠷᠬᠡᠢᠢᠯᠡᠪᠡ᠃

ᠮᠥᠨ ᠡᠨᠡ ᠵᠢᠯ ᠲᠣᠬᠢᠶᠠᠬᠤ ᠸᠢᠶᠧᠲ᠋ᠨᠠᠮ᠂ ᠮᠣᠩ᠋ᠭᠣᠯ ᠤᠨ ᠬᠣᠭᠣᠷᠣᠨᠳᠣ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ ᠤ 65 ᠵᠢᠯ ᠦᠨ ᠣᠢ ᠢᠢ ᠠᠷᠠᠳ ᠲᠦᠮᠡᠨ᠂ ᠲᠥᠷᠦ ᠵᠠᠰᠠᠭ ᠤᠨ ᠬᠦᠷᠢᠶᠡᠨ ᠳᠥ ᠲᠡᠮᠳᠡᠭᠯᠡᠬᠦ ᠭᠡᠵᠦ ᠪᠤᠢ ᠳᠤ ᠪᠠᠶᠠᠷᠲᠠᠢ ᠪᠠᠢᠢᠭ᠎ᠠ ᠪᠠᠨ᠂ ᠮᠥᠨ ᠨᠠᠢᠢᠷᠠᠮᠳᠠᠯᠲᠤ ᠬᠠᠷᠢᠯᠴᠠᠭ᠎ᠠ ᠲᠣᠭᠲᠠᠭᠠᠭᠰᠠᠨ ᠠᠴᠠ ᠬᠣᠢᠢᠰᠢ ᠪᠦᠬᠦᠢ ᠯᠠ ᠲᠦᠪᠰᠢᠨ ᠦ ᠬᠠᠷᠢᠯᠴᠠᠭᠠᠨ ᠳᠤ ᠪᠠᠨ ᠬᠦᠨᠳᠦᠳᠬᠡᠯᠲᠡᠢ᠂ ᠰᠡᠳᠬᠢᠯ ᠬᠠᠩ᠋ᠭᠠᠯᠤᠭᠤᠨ ᠶᠠᠪᠤᠵᠤ ᠢᠷᠡᠭᠰᠡᠨ ᠢᠶᠡᠨ ᠢᠯᠡᠷᠬᠡᠢᠢᠯᠡᠭᠰᠡᠨ ᠶᠤᠮ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠨᠣᠶᠠᠨ ᠲᠣ᠋ ᠯᠠᠮ ᠢ ᠮᠣᠩ᠋ᠭᠣᠯ ᠤᠯᠤᠰ ᠲᠤ ᠲᠠᠪᠠᠲᠠᠢ ᠮᠣᠷᠢᠯᠠᠬᠤ ᠢᠢ ᠬᠦᠰᠡᠭᠡᠳ ᠠᠢᠢᠯᠴᠢᠯᠠᠯ ᠨᠢ ᠬᠣᠶᠠᠷ ᠤᠯᠤᠰ ᠤᠨ ᠬᠠᠷᠢᠯᠴᠠᠭ᠎ᠠ᠂ ᠬᠠᠮᠲᠤ ᠢᠢᠨ ᠠᠵᠢᠯᠯᠠᠭᠠᠨ ᠳᠤ ᠴᠢᠬᠤᠯᠠ ᠨᠥᠯᠦᠭᠡ ᠦᠵᠡᠭᠦᠯᠦᠭᠰᠡᠨ᠂ ᠱᠠᠲᠤ ᠠᠬᠢᠭᠰᠠᠨ ᠠᠢᠢᠯᠴᠢᠯᠠᠯ ᠪᠣᠯᠤᠯ᠎ᠠ ᠬᠡᠮᠡᠨ ᠳ᠋ᠦᠩᠨᠡᠪᠡ᠃

ᠮᠥᠨ ᠠᠢᠢᠯᠴᠢᠯᠠᠯ ᠤᠨ ᠦᠶ᠎ᠡ ᠪᠡᠷ ᠦᠨᠳᠦᠰᠦᠨ ᠦ ᠶᠡᠬᠡ ᠪᠠᠶᠠᠷ ᠨᠠᠭᠠᠳᠤᠮ ᠪᠣᠯᠵᠤ ᠪᠠᠢᠢᠭ᠎ᠠ ᠲᠤᠯᠠ ᠮᠣᠩ᠋ᠭᠣᠯ ᠤᠯᠤᠰ ᠲᠤ ᠲᠤᠬᠠᠲᠠᠢ ᠰᠠᠭᠠᠲᠠᠵᠤ᠂ ᠨᠠᠭᠠᠳᠤᠮ ᠤᠨ ᠥᠩᠭᠡ ᠲᠥᠷᠬᠦ ᠡᠴᠡ ᠮᠣᠩ᠋ᠭᠣᠯᠴᠤᠳ ᠤᠨ ᠲᠠᠯ᠎ᠠ ᠪᠠᠷ ᠢᠯᠡᠭᠦᠦ ᠶᠡᠬᠡ ᠲᠠᠨᠢᠨ ᠮᠡᠳᠡᠬᠦ ᠨᠢ ᠬᠠᠮᠲᠤ ᠢᠢᠨ ᠠᠵᠢᠯᠯᠠᠭᠠᠨ ᠳᠤ ᠡᠶᠡᠷᠬᠦ ᠨᠥᠯᠦᠭᠡ ᠲᠡᠢ ᠬᠡᠮᠡᠨ ᠪᠠᠶᠠᠷ ᠨᠠᠭᠠᠳᠤᠮ ᠢ ᠦᠵᠡᠵᠦ ᠰᠣᠨᠢᠷᠬᠠᠬᠤ ᠢᠢ ᠤᠷᠢᠯ᠎ᠠ᠃

ᠨᠣᠶᠠᠨ ᠲᠣ᠋ ᠯᠠᠮ ᠮᠥᠨ ᠮᠣᠩ᠋ᠭᠣᠯᠴᠤᠳ ᠤᠨ ᠦᠨᠳᠦᠰᠦᠨ ᠦ ᠶᠡᠬᠡ ᠪᠠᠶᠠᠷ ᠨᠠᠭᠠᠳᠤᠮ ᠥᠷᠭᠡᠨ ᠳᠡᠯᠭᠡᠷ ᠡᠬᠢᠯᠡᠵᠦ ᠪᠠᠢᠢᠬᠤ ᠦᠶ᠎ᠡ ᠪᠡᠷ ᠠᠢᠢᠯᠴᠢᠯᠠᠭᠰᠠᠨ ᠨᠢ ᠠᠵᠠ ᠵᠠᠪᠰᠢᠶᠠᠨ ᠭᠡᠳ ᠨᠠᠮ ᠲᠥᠷᠥ᠂ ᠵᠠᠰᠠᠭ ᠤᠨ ᠤᠳᠤᠷᠢᠳᠤᠯᠭ᠎ᠠ ᠨᠤᠭᠤᠳ ᠤᠨ ᠢᠶᠠᠨ ᠨᠡᠷ᠎ᠡ ᠢᠢᠨ ᠡᠮᠦᠨ᠎ᠡ ᠡᠴᠡ ᠦᠨᠳᠦᠰᠦᠨ ᠦ ᠶᠡᠬᠡ ᠪᠠᠶᠠᠷ ᠨᠠᠭᠠᠳᠤᠮ ᠤᠨ ᠮᠡᠨᠳᠦ ᠬᠦᠷᠭᠡᠯᠦᠭᠡ᠃