ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠲᠤᠯᠭᠤᠷ ᠲᠥᠷᠥ ᠢᠢᠨ 2228᠂ ᠶᠡᠬᠡ ᠮᠣᠩ᠋ᠭᠣᠯ ᠤᠯᠤᠰ ᠤᠨ 813᠂ ᠠᠷᠠᠳ ᠤᠨ ᠬᠤᠪᠢᠰᠬᠠᠯ ᠤᠨ 98 ᠵᠢᠯ ᠦᠨ ᠣᠢ᠂ ᠠᠷᠠᠳᠴᠢᠯᠠᠭᠰᠠᠨ ᠬᠤᠪᠢᠰᠬᠠᠯ ᠤᠨ 30 ᠵᠢᠯ ᠦᠨ ᠣᠢ᠂ ᠦᠨᠳᠦᠰᠦᠨ ᠦ ᠶᠡᠬᠡ ᠪᠠᠶᠠᠷ ᠨᠠᠭᠠᠳᠤᠮ ᠢ ᠬᠠᠭᠠᠵᠤ ᠦᠭᠡ ᠬᠡᠯᠡᠯ᠎ᠡ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠦᠨᠳᠦᠰᠦᠨ ᠦ ᠶᠡᠬᠡ ᠪᠠᠶᠠᠷ ᠨᠠᠭᠠᠳᠤᠮ ᠢ ᠬᠠᠭᠠᠵᠤ᠄
《ᠮᠣᠩ᠋ᠭᠣᠯᠴᠤᠳ ᠠ᠋᠂
ᠳᠡᠯᠡᠬᠡᠢ ᠳᠠᠶᠠᠭᠠᠷ ᠲᠤ ᠲᠠᠷᠬᠠᠨ ᠰᠠᠭᠤᠷᠢᠰᠢᠭ᠌ᠰᠠᠨ ᠮᠣᠩ᠋ᠭᠣᠯ ᠲᠤᠭᠤᠷᠭᠠᠲᠠᠨ ᠨᠤᠭᠤᠳ ᠠ᠋᠂
ᠮᠣᠩ᠋ᠭᠣᠯ ᠣᠷᠣᠨ ᠳᠤ ᠮᠣᠷᠢᠯᠠᠨ ᠢᠷᠡᠭᠰᠡᠨ ᠡᠷᠬᠢᠮ ᠵᠣᠴᠢᠳ᠂ ᠵᠢᠭᠤᠯᠴᠢᠳ ᠠ᠋᠂
ᠳᠡᠭᠡᠳᠦᠰ ᠦᠨ ᠰᠦᠷ ᠰᠦᠯᠳᠡ ᠢᠢ ᠪᠠᠶᠠᠰᠬᠠᠵᠤ᠂ ᠲᠦᠮᠡᠨ ᠣᠯᠠᠨ ᠤ ᠴᠣᠭ ᠵᠣᠯᠪᠣᠭ᠎ᠠ ᠢᠢ ᠮᠠᠨᠳᠤᠭᠤᠯᠤᠭᠰᠠᠨ ᠮᠣᠩ᠋ᠭᠣᠯ ᠨᠠᠭᠠᠳᠤᠮ ᠥᠨᠳᠥᠷᠯᠡᠵᠦ ᠪᠠᠢᠢᠨ᠎ᠠ᠃
ᠨᠠᠭᠠᠳᠤᠮᠴᠢᠨ ᠣᠯᠠᠨ ᠬᠣᠶᠠᠷ ᠡᠳᠦᠷ ᠦᠨ ᠲᠤᠷᠰᠢᠳᠠ ᠬᠤᠷᠳᠤᠨ ᠬᠦᠯᠦᠭ ᠦᠨ ᠲᠣᠭᠣᠰᠣᠨ ᠳᠤ ᠬᠡᠢᠢᠮᠣᠷᠢ ᠪᠠᠨ ᠰᠡᠷᠭᠦᠭᠡᠵᠦ᠂ ᠡᠷᠡᠬᠡᠢ ᠮᠡᠷᠭᠡᠳ ᠦᠨ ᠤᠤᠬᠠᠢ ᠢᠢᠨ ᠳᠠᠭᠤᠨ ᠳᠤ ᠰᠠᠷᠠᠭᠤᠯᠤᠰᠴᠤ᠂ ᠬᠦᠴᠦᠲᠦ ᠪᠥᠬᠡᠴᠦᠳ ᠦᠨ ᠤᠷᠠᠨ ᠮᠡᠬᠡᠨ ᠳᠥ ᠪᠠᠶᠠᠰᠴᠤ ᠰᠠᠢᠢᠬᠠᠨ ᠨᠠᠭᠠᠳᠤᠯ᠎ᠠ᠃
ᠳᠠᠷᠠᠭ᠎ᠠ ᠵᠢᠯ ᠦᠨ ᠨᠠᠭᠠᠳᠤᠮ ᠢᠯᠡᠭᠦᠦ ᠰᠠᠢᠢᠬᠠᠨ ᠪᠣᠯᠬᠤ ᠢᠢᠨ ᠢᠷᠦᠭᠡᠯ ᠢᠶᠡᠷ ᠡᠨᠡ ᠵᠢᠯ ᠦᠨ ᠨᠠᠭᠠᠳᠤᠮ ᠢᠶᠠᠨ ᠵᠢᠷᠭᠠᠭᠠᠶ᠎ᠠ᠃
ᠮᠣᠩ᠋ᠭᠣᠯ ᠤᠯᠤᠰ᠂ ᠮᠣᠩ᠋ᠭᠣᠯ ᠦᠨᠳᠦᠰᠦᠲᠡᠨ ᠪᠠᠢᠢᠭᠰᠠᠨ ᠴᠠᠭ ᠲᠤ ᠮᠣᠩ᠋ᠭᠣᠯ ᠨᠠᠭᠠᠳᠤᠮ ᠵᠢᠯ ᠡᠴᠡ ᠵᠢᠯ ᠳᠥ ᠥᠷᠭᠡᠵᠢᠨ ᠳᠡᠯᠭᠡᠷᠡᠵᠦ᠂ ᠬᠦᠮᠦᠨ ᠵᠣᠨ ᠢ ᠪᠠᠶᠠᠰᠬᠠᠨ ᠴᠡᠩᠭᠡᠭᠦᠯᠵᠦ᠂ ᠥᠪ ᠤᠯᠠᠮᠵᠢᠯᠠᠯ ᠢ ᠪᠠᠳᠠᠷᠠᠭᠠᠨ ᠪᠠᠲᠤᠳᠬᠠᠵᠤ ᠪᠠᠢᠢᠬᠤ ᠨᠢ ᠳᠠᠮᠵᠢᠭ ᠦᠭᠡᠢ ᠡ᠃
ᠮᠣᠩ᠋ᠭᠣᠯ ᠲᠦᠮᠡᠨ ᠦ ᠳᠡᠯᠭᠡᠷ ᠴᠡᠩᠭᠡᠯ ᠥᠨᠳᠥᠷᠯᠡᠵᠦ᠂ ᠥᠷᠨᠢᠭᠦᠨ ᠬᠥᠳᠡᠯᠮᠦᠷᠢ ᠢᠢᠨ ᠴᠠᠭ ᠠᠢᠢᠰᠤᠢ᠃
ᠮᠥᠩᠬᠡ ᠲᠩᠷᠢ ᠢᠢᠨ ᠳᠣᠣᠷ᠎ᠠ ᠮᠣᠩ᠋ᠭᠣᠯ ᠨᠠᠭᠠᠳᠤᠮ ᠵᠢᠷᠭᠠᠵᠤ ᠪᠠᠢᠢᠨ᠎ᠠ᠃
ᠪᠠᠶᠠᠷᠯᠠᠯ᠎ᠠ》 ᠭᠡᠯᠡ᠃