Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠮᠣᠩ᠋ᠭᠣᠯ  ᠦᠨ ᠦᠨᠳᠦᠰᠦᠨ ᠦ ᠣᠯᠠᠨ ᠨᠡᠢᠢᠲᠡ ᠢᠢᠨ ᠷᠠᠳᠢᠣ‍ ᠲᠧᠯᠧᠸᠢᠽ ᠦᠨ ᠠᠰᠠᠷ ᠢᠶᠠᠷ ᠵᠣᠴᠢᠯᠠᠵᠤ᠂ ᠨᠠᠭᠠᠳᠤᠮᠴᠢᠨ ᠣᠯᠠᠨ ᠳᠤ ᠪᠠᠨ ᠮᠡᠨᠳᠦᠴᠢᠯᠡᠭᠡ ᠳᠡᠪᠰᠢᠭᠦᠯᠦᠯ᠎ᠡ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠥᠨᠥᠳᠥᠷ ᠥᠷᠯᠥᠭᠡ ᠲᠥᠪ ᠴᠡᠩᠭᠡᠯᠳᠦᠬᠦ ᠬᠦᠷᠢᠶᠡᠯᠡᠩ ᠦᠨ ᠭᠠᠳᠠᠨ᠎ᠠ ᠲᠠᠯᠠᠪᠠᠢ ᠠᠴᠠ ᠨᠠᠭᠠᠳᠤᠮ ᠤᠨ ᠦᠢᠯᠡ ᠠᠵᠢᠯᠯᠠᠭ᠎ᠠ ᠢᠢ ᠰᠢᠭᠤᠳ ᠳᠠᠮᠵᠢᠭᠤᠯᠵᠤ ᠪᠤᠢ ᠮᠣᠩ᠋ᠭᠣᠯ  ᠦᠨ ᠦᠨᠳᠦᠰᠦᠨ ᠦ ᠣᠯᠠᠨ ᠨᠡᠢᠢᠲᠡ ᠢᠢᠨ ᠷᠠᠳᠢᠣ‍ ᠲᠧᠯᠧᠸᠢᠽ ᠦᠨ ᠠᠰᠠᠷ ᠢᠶᠠᠷ ᠵᠣᠴᠢᠯᠠᠵᠤ᠂ ᠨᠠᠭᠠᠳᠤᠮᠴᠢᠨ ᠣᠯᠠᠨ ᠳᠤ ᠪᠠᠨ ᠴᠡᠩᠬᠡᠷ ᠳᠡᠯᠭᠡᠴᠡ ᠪᠡᠷ ᠳᠠᠮᠵᠢᠭᠤᠯᠤᠨ ᠮᠡᠨᠳᠦᠴᠢᠯᠡᠭᠡ ᠳᠡᠪᠰᠢᠭᠦᠯᠦᠯ᠎ᠡ᠃

-ᠰᠠᠢᠢᠨ ᠪᠠᠢᠢᠨ᠎ᠠ ᠤᠤ ᠲᠠ᠃ ᠰᠠᠢᠢᠬᠠᠨ ᠨᠠᠭᠠᠳᠴᠤ ᠪᠠᠢᠢᠨ᠎ᠠ ᠤᠤ?

-ᠰᠠᠢᠢᠬᠠᠨ ᠨᠠᠭᠠᠳᠴᠤ ᠪᠠᠢᠢᠨ᠎ᠠ᠃ ᠰᠠᠢᠢᠬᠠᠨ ᠨᠠᠭᠠᠳᠤᠵᠠᠭᠠᠵᠤ ᠪᠠᠢᠢᠨ᠎ᠠ ᠤᠤ᠃ 2017 ᠣᠨ ᠤ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠰᠣᠩ᠋ᠭᠣᠭᠤᠯᠢ ᠠᠴᠠ ᠬᠣᠢᠢᠰᠢ ᠨᠡᠢᠢᠲᠡ ᠳᠥ ᠪᠡᠨ ᠭᠤᠷᠪᠠ ᠳᠠᠬᠢ ᠤᠳᠤᠭ᠎ᠠ ᠪᠠᠨ ᠤᠯᠤᠰ ᠤᠨ ᠢᠶᠠᠨ ᠪᠠᠶᠠᠷ ᠨᠠᠭᠠᠳᠤᠮ ᠢ ᠨᠡᠭᠡᠭᠡᠬᠦ ᠭᠡᠵᠦ ᠪᠠᠢᠢᠨ᠎ᠠ᠃ ᠨᠡᠢᠢᠲᠡ ᠮᠣᠩ᠋ᠭᠣᠯᠴᠤᠳ ᠲᠤ ᠪᠠᠨ ᠪᠠᠶᠠᠷ ᠨᠠᠭᠠᠳᠤᠮ ᠤᠨ ᠮᠡᠨᠳᠦ ᠬᠦᠷᠭᠡᠶ᠎ᠡ᠃

-ᠲᠠ ᠡᠨᠡ ᠵᠢᠯ ᠦᠨ ᠨᠠᠭᠠᠳᠤᠮ ᠤᠨ ᠥᠩᠭᠡ ᠲᠥᠷᠬᠥ ᠢᠢ ᠨᠠᠭᠠᠳᠤᠮᠴᠢᠨ ᠬᠦᠮᠦᠨ ᠦ ᠬᠤᠪᠢ ᠳᠤ ᠶᠠᠭᠤ ᠭᠡᠵᠦ ᠬᠠᠷᠠᠵᠤ ᠪᠠᠢᠢᠨ᠎ᠠ?

-ᠨᠠᠭᠠᠳᠤᠮ ᠤᠨ ᠥᠩᠭᠡ ᠲᠥᠷᠬᠥ ᠵᠢᠯ ᠪᠦᠷᠢ ᠣᠯᠠᠨ ᠶᠠᠩᠵᠤ ᠪᠠᠷ ᠶᠠᠷᠢᠭᠳᠠᠳᠠᠭ᠃ ᠭᠡᠬᠦ ᠳᠥ ᠪᠡᠨ ᠵᠢᠯ ᠪᠦᠷᠢ ᠢᠢᠨ ᠨᠠᠭᠠᠳᠤᠮ ᠤᠨ ᠨᠢᠭᠡ ᠣᠨᠴᠠᠯᠢᠭ ᠪᠣᠯ 《…ᠦᠨᠳᠦᠰᠦᠨ ᠦ ᠶᠡᠬᠡ ᠪᠠᠶᠠᠷ ᠨᠠᠭᠠᠳᠤᠮ》 ᠭᠡᠳᠡᠭ ᠦᠨ ᠡᠮᠦᠨ᠎ᠡ ᠥᠨᠥ ᠵᠢᠯ ᠭᠡᠬᠦ ᠳᠥ ᠲᠤᠯᠭᠤᠷ ᠲᠥᠷᠥ ᠢᠢᠨ 2228᠂ ᠶᠡᠬᠡ ᠮᠣᠩ᠋ᠭᠣᠯ ᠤᠯᠤᠰ ᠪᠠᠢᠢᠭᠤᠯᠤᠭᠳᠠᠰᠤᠨ ᠤ 813᠂ ᠠᠷᠠᠳᠴᠢᠯᠠᠭᠰᠠᠨ ᠬᠤᠪᠢᠰᠬᠠᠯ ᠤᠨ 30 ᠵᠢᠯ… ᠭᠡᠬᠦᠴᠢᠯᠡᠨ ᠲᠡᠦᠬᠡᠨ ᠴᠠᠭ ᠬᠤᠭᠤᠴᠠᠭ᠎ᠠ ᠪᠠᠨ ᠪᠢᠳᠡ ᠦᠷᠭᠦᠯᠵᠢ ᠳᠤᠷᠠᠳᠳᠠᠭ᠃ ᠡᠨᠡ ᠪᠣᠯ ᠮᠠᠨ ᠤ ᠲᠥᠷᠥᠳᠦ ᠤᠯᠤᠰ ᠣᠯᠠᠨ ᠵᠢᠯ ᠦᠨ ᠲᠡᠦᠬᠡ ᠲᠡᠢ ᠶᠤᠮ ᠰᠢᠦ ᠭᠡᠳᠡᠭ ᠢ ᠨᠡᠢᠢᠲᠡ ᠳᠥ ᠵᠠᠷᠯᠠᠨ ᠲᠤᠩ᠋ᠬᠠᠭᠯᠠᠵᠤ ᠪᠠᠢᠢᠳᠠᠭ ᠶᠤᠮ᠃

ᠡᠨᠡ ᠵᠢᠯ ᠦᠨ ᠨᠠᠭᠠᠳᠤᠮ ᠤᠨ ᠥᠷᠯᠥᠭᠡ ᠪᠣᠷᠣᠭ᠎ᠠ ᠰᠢᠪᠡᠷᠡᠵᠦ ᠤᠳᠠᠯ ᠦᠭᠡᠢ ᠨᠠᠷᠠ ᠭᠠᠷᠤᠯ᠎ᠠ᠃ ᠪᠢᠳᠡ ᠨᠠᠷᠠ᠂ ᠬᠤᠷ᠎ᠠ ᠲᠡᠭᠰᠢᠷᠡᠭᠰᠡᠨ ᠭᠡᠵᠦ ᠶᠠᠷᠢᠳᠠᠭ᠃ ᠠᠢᠢᠮᠠᠭ ᠤᠳ ᠤᠨ ᠨᠠᠭᠠᠳᠤᠮ ᠤᠳ ᠴᠤ ᠥᠷᠭᠡᠨ ᠳᠡᠯᠭᠡᠷ ᠰᠠᠢᠢᠬᠠᠨ ᠦᠷᠭᠦᠯᠵᠢᠯᠡᠵᠦ ᠪᠠᠢᠢᠨ᠎ᠠ᠃

-2019 ᠣᠨ ᠳᠤ ᠮᠣᠩ᠋ᠭᠣᠯ ᠤᠯᠤᠰ ᠤᠨ ᠶᠡᠷᠦᠩᠬᠡᠢᠢᠯᠡᠭᠴᠢ ᠲᠠ ᠣᠯᠠᠨ ᠴᠢᠬᠤᠯᠠ ᠠᠢᠢᠯᠴᠢᠯᠠᠯ ᠬᠢᠯ᠎ᠡ᠃ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠠᠢᠢᠯᠴᠢᠯᠠᠯ ᠭᠡᠳᠡᠭ ᠪᠣᠯ ᠠᠴᠢ ᠬᠣᠯᠪᠣᠭᠳᠠᠯ ᠥᠨᠳᠥᠷ ᠲᠡᠢ᠂ ᠣᠯᠠᠨ ᠠᠵᠢᠯ ᠢ ᠤᠷᠤᠭᠰᠢᠯᠠᠭᠤᠯᠤᠭᠰᠠᠨ ᠪᠠᠢᠢᠬᠤ ᠶᠣᠰᠣᠲᠠᠢ ᠪᠠᠢᠢᠳᠠᠭ?

-ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠭᠣᠣᠯ ᠠᠵᠢᠯ ᠤᠳ ᠤᠨ ᠨᠢᠭᠡ ᠨᠢ ᠭᠠᠳᠠᠭᠠᠳᠤ ᠬᠠᠷᠢᠯᠴᠠᠭ᠎ᠠ ᠪᠠᠢᠢᠳᠠᠭ᠃ ᠡᠨᠡ ᠣᠨ ᠤ IV ᠰᠠᠷ᠎ᠠ ᠳᠤ ᠤᠷᠳᠤ ᠬᠥᠷᠰᠢ ᠳᠦ ᠪᠣᠯᠤᠭᠰᠠᠨ 《ᠪᠥᠰᠡ ᠪᠠ ᠵᠠᠮ》 ᠵᠥᠪᠯᠡᠭᠡᠨ ᠳᠥ ᠣᠷᠣᠯᠴᠠᠭᠰᠠᠨ᠃ 160 ᠭᠠᠷᠤᠢ ᠣᠷᠣᠨ ᠤ ᠲᠥᠷᠥ᠂ ᠵᠠᠰᠠᠭ ᠤᠨ ᠲᠡᠷᠢᠭᠦᠨ ᠣᠷᠣᠯᠴᠠᠭᠰᠠᠨ᠃ ᠡᠨᠡ ᠠᠭᠤᠯᠵᠠᠯᠲᠠ ᠳᠤ ᠣᠷᠣᠯᠴᠠᠵᠤ᠂ ᠮᠥᠨ ᠲᠥᠷᠥ ᠢᠢᠨ ᠠᠢᠢᠯᠴᠢᠯᠠᠯ ᠬᠢᠭ᠍ᠰᠡᠨ ᠭᠡᠳᠡᠭ ᠢ ᠲᠠ ᠪᠦᠬᠦᠨ ᠮᠡᠳᠡᠬᠦ ᠪᠠᠢᠢᠬᠤ᠃

ᠮᠥᠨ ᠺᠢᠷᠭᠢᠽ ᠤᠯᠤᠰ ᠤᠨ ᠪᠢᠱᠺᠧᠺ ᠬᠣᠲᠠᠨ᠎ᠠ ᠱᠠᠩᠬᠠᠢ ᠢᠢᠨ ᠬᠠᠮᠲᠤ ᠢᠢᠨ ᠠᠵᠢᠯᠯᠠᠭᠠᠨ ᠤ ᠪᠠᠢᠢᠭᠤᠯᠤᠯᠭ᠎ᠠ ᠤᠨ ᠠᠭᠤᠯᠵᠠᠯᠲᠠ ᠳᠤ ᠠᠵᠢᠭᠯᠠᠭᠴᠢ ᠢᠢᠨ ᠪᠠᠢᠢᠷᠢ ᠰᠠᠭᠤᠷᠢᠨ ᠠᠴᠠ ᠣᠷᠣᠯᠴᠠᠵᠤ᠂ ᠮᠣᠩ᠋ᠭᠣᠯ᠂ ᠣᠷᠣᠰ᠂ ᠬᠢᠲᠠᠳ ᠤᠨ ᠭᠤᠷᠪᠠᠨ ᠲᠠᠯᠠᠳᠤ ᠠᠭᠤᠯᠵᠠᠯᠲᠠ ᠢᠢ ᠠᠬᠠᠯᠠᠵᠤ᠂ ᠠᠭᠤᠯᠵᠠᠭᠠᠳ ᠢᠷᠡᠭᠰᠡᠨ᠃

-ᠡᠨᠡ ᠵᠢᠯ ᠶᠠᠮᠠᠷ ᠪᠥᠬᠡᠴᠦᠳ ᠥᠩᠭᠡ ᠲᠡᠢ ᠪᠠᠢᠢᠨ᠎ᠠ ᠭᠡᠵᠦ ᠲᠠ ᠬᠠᠷᠠᠵᠤ ᠪᠠᠢᠢᠨ᠎ᠠ?

-ᠪᠠᠷᠢᠯᠳᠤᠭᠠᠠᠨ ᠨᠤᠭᠤᠳ ᠢ ᠯᠠ ᠬᠠᠷᠠᠶ᠎ᠠ᠃ ᠬᠡᠨᠲᠡᠢ ᠠᠢᠢᠮᠠᠭ ᠤᠨ ᠠᠷᠰᠯᠠᠨ ᠡ᠊ ∙ ᠣᠶᠤᠨᠪᠣᠯᠤᠳ᠂ ᠪᠠᠷᠠᠭᠤᠨ ᠠᠢᠢᠮᠠᠭ ᠤᠳ ᠠᠴᠠ ᠪᠣᠯ ᠬᠠᠷᠴᠠᠭ᠎ᠠ ᠣ᠊ ∙ ᠬᠠᠩ᠋ᠭᠠᠢ᠂ ᠪᠤᠯᠠᠭᠠᠨ ᠠᠢᠢᠮᠠᠭ ᠤᠨ ᠡ᠊ ∙ ᠡᠩᠬᠡᠪᠠᠲᠤ ᠨᠠᠷ ᠤᠨ ᠪᠡᠯᠡᠳᠬᠡᠯ ᠰᠠᠢᠢᠨ ᠬᠠᠷᠠᠭᠳᠠᠵᠤ ᠪᠠᠢᠢᠨ᠎ᠠ᠃ ᠣᠯᠢᠮᠫ ᠤᠨ ᠠᠪᠤᠷᠭᠤ ᠮᠠᠨᠢ ᠴᠤ ᠭᠡᠰᠡᠨ ᠣᠯᠠᠨ ᠳᠠᠪᠠᠬᠤ ᠢᠢ ᠦᠭᠡᠢᠢᠰᠬᠡᠬᠦ ᠦᠭᠡᠢ᠂ ᠳᠡᠭᠡᠭᠰᠢ ᠪᠡᠨ ᠪᠠᠷᠢᠯᠳᠤᠬᠤ ᠪᠣᠯᠪᠠ ᠤᠤ ᠭᠡᠵᠦ ᠬᠠᠷᠠᠵᠤ ᠪᠠᠢᠢᠨ᠎ᠠ᠃

-ᠨᠠᠭᠠᠳᠤᠮ ᠤᠨ ᠲᠥᠪ ᠠᠰᠠᠷ ᠲᠤ ᠠᠢᠢᠯᠴᠢᠯᠠᠨ ᠢᠷᠡᠭᠰᠡᠨ ᠲᠠᠨ ᠳᠤ ᠪᠠᠶᠠᠷᠯᠠᠯ᠎ᠠ᠃ ᠲᠠ ᠪᠦᠬᠦᠨ ᠦ ᠭᠠᠷᠭᠠᠭᠰᠠᠨ ᠰᠢᠢᠳᠪᠦᠷᠢ ᠪᠦᠷ ᠴᠡᠴᠡ ᠮᠡᠷᠭᠡᠨ ᠪᠠᠢᠢᠬᠤ ᠪᠣᠯᠲᠤᠭᠠᠢ᠃