ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠥᠨᠥᠳᠥᠷ ᠬᠦᠢ ᠳᠣᠯᠣᠭᠠᠨ ᠬᠤᠳᠳᠤᠭ ᠲᠤ ᠪᠠᠢᠢᠷᠢᠯᠠᠵᠤ ᠪᠤᠢ ᠳᠣᠷᠣᠨᠠᠲᠤ ᠠᠢᠢᠮᠠᠭ ᠤᠨ ᠪᠠᠶᠠᠨ᠋ᠲᠦ᠋ᠮᠡᠨ ᠰᠤᠮᠤ ᠢᠢᠨ ᠬᠠᠷᠢᠶᠠᠲᠤ ᠮᠣᠩ᠋ᠭᠣᠯ ᠤᠯᠤᠰ ᠤᠨ ᠲᠣᠳᠣ ᠮᠠᠩᠯᠠᠢ ᠤᠶᠠᠭᠠᠴᠢ ᠣ᠊ ∙ ᠪᠠᠲᠤᠪᠢᠯᠢᠭ᠌ ᠤᠨ ᠭᠠᠯ ᠢᠶᠠᠷ ᠵᠣᠴᠢᠯᠠᠯ᠎ᠠ᠃
ᠲᠤᠯᠭᠤᠷ ᠲᠥᠷᠥ ᠢᠢᠨ 2228 ᠵᠢᠯ᠂ ᠶᠡᠬᠡ ᠮᠣᠩ᠋ᠭᠣᠯ ᠤᠯᠤᠰ ᠤᠨ 813 ᠵᠢᠯ᠂ ᠠᠷᠠᠳ ᠤᠨ ᠬᠤᠪᠢᠰᠬᠠᠯ ᠤᠨ 98 ᠵᠢᠯ ᠦᠨ ᠣᠢ ᠦᠨᠳᠦᠰᠦᠨ ᠦ ᠶᠡᠬᠡ ᠪᠠᠶᠠᠷ ᠨᠠᠭᠠᠳᠤᠮ ᠤᠨ ᠠᠵᠢᠷᠭᠠᠨ ᠤ ᠤᠷᠤᠯᠳᠤᠭᠠᠨ ᠳᠤ 163 ᠬᠤᠷᠳᠤᠨ ᠠᠵᠢᠷᠭ᠎ᠠ ᠰᠢᠨᠳᠠᠰᠤ ᠪᠠᠨ ᠰᠣᠷᠢᠵᠤ᠂ ᠮᠣᠩ᠋ᠭᠣᠯ ᠤᠯᠤᠰ ᠤᠨ ᠲᠣᠳᠣ ᠮᠠᠩᠯᠠᠢ ᠤᠶᠠᠭᠠᠴᠢ ᠣ᠊ ∙ ᠪᠠᠲᠤᠪᠢᠯᠢᠭ᠌ ᠤᠨ ᠵᠡᠭᠡᠷᠳᠡ ᠬᠠᠯᠵᠠᠨ ᠠᠵᠢᠷᠭ᠎ᠠ ᠲᠦᠷᠦᠭᠦᠦ ᠮᠠᠩᠨᠠᠢ ᠳᠤ ᠬᠤᠷᠳᠤᠯᠠᠭᠰᠠᠨ ᠶᠤᠮ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠲᠣᠳᠣ ᠮᠠᠩᠯᠠᠢ ᠤᠶᠠᠭᠠᠴᠢ ᠣ᠊ ∙ ᠪᠠᠲᠤᠪᠢᠯᠢᠭ᠌ ᠤᠨ ᠭᠠᠯ ᠢᠶᠠᠷ ᠵᠣᠴᠢᠯᠠᠬᠤ ᠳᠤ ᠪᠠᠨ ᠵᠡᠭᠡᠷᠳᠡ ᠬᠠᠯᠵᠠᠨ ᠠᠵᠢᠷᠭ᠎ᠠ ᠨᠢ ᠲᠦᠷᠦᠭᠦᠯᠡᠵᠦ᠂ ᠨᠠᠭᠠᠳᠤᠮᠴᠢᠨ ᠣᠯᠠᠨ ᠢᠶᠠᠨ ᠪᠠᠶᠠᠰᠬᠠᠭᠰᠠᠨ ᠳᠤ ᠨᠢ ᠪᠠᠶᠠᠷ ᠬᠦᠷᠭᠡᠵᠦ᠂ ᠬᠥᠭᠦᠷᠭᠡ ᠵᠥᠷᠢᠭᠦᠯᠦᠭᠰᠡᠨ ᠶᠤᠮ᠃ ᠡᠨᠡ ᠦᠶ᠎ᠡ ᠪᠡᠷ ᠤᠯᠤᠰ ᠤᠨ ᠲᠣᠳᠣ ᠮᠠᠩᠯᠠᠢ ᠤᠶᠠᠭᠠᠴᠢ ᠣ᠊ ∙ ᠪᠠᠲᠤᠪᠢᠯᠢᠭ᠌ ᠲᠥᠷᠦ ᠢᠢᠨ ᠲᠡᠷᠢᠭᠦᠨ ᠮᠣᠷᠢᠯᠠᠨ ᠰᠠᠭᠠᠲᠠᠵᠤ ᠪᠠᠢᠢᠭᠠᠳ ᠪᠡᠯᠭᠡᠰᠢᠶᠡᠵᠦ᠂ 《…ᠳᠣᠷᠣᠨᠠᠲᠤ ᠠᠢᠢᠮᠠᠭ ᠤᠨ ᠪᠠᠶᠠᠨ᠋ᠲᠦ᠋ᠮᠡᠨ ᠰᠤᠮᠤᠨ ᠳᠤ ᠮᠠᠯ ᠣᠴᠢᠭᠠᠳ 10 ᠭᠠᠷᠤᠢ ᠵᠢᠯ ᠪᠣᠯᠵᠤ ᠪᠠᠢᠢᠨ᠎ᠠ᠃ ᠡᠨᠡ ᠵᠢᠯ ᠴᠡᠭᠡᠯ᠂ ᠪᠤᠷᠬᠠᠨᠳᠤ ᠠᠭᠤᠯᠠᠨ ᠳᠤ ᠤᠶᠠᠭ᠎ᠠ ᠭᠠᠷᠴᠤ᠂ ᠨᠠᠯᠠᠢᠢᠬᠤ ᠢᠢᠨ ᠤᠷᠳᠤ ᠪᠤᠭᠤᠷᠤᠯ ᠤᠨ ᠳᠠᠪᠠᠭᠠᠨ ᠤ ᠡᠩᠭᠡᠷ ᠢᠶᠡᠷ ᠪᠠᠢᠢᠷᠢᠯᠠᠵᠤ ᠰᠤᠩ᠋ᠭᠠᠨ ᠳᠤ ᠪᠠᠨ ᠣᠷᠣᠯᠴᠠᠭᠰᠠᠨ᠃ 10-ᠭᠠᠳᠬᠠᠨ ᠬᠣᠨᠣᠭ ᠤᠨ ᠳᠠᠷᠠᠭ᠎ᠠ ᠶᠡᠬᠡ ᠬᠤᠷᠳᠤ ᠪᠣᠯᠤᠨ᠎ᠠ᠃ ᠡᠮᠦᠨ᠎ᠡ ᠨᠢ ᠮᠠᠨ ᠤ ᠬᠡᠭᠡᠷ ᠠᠵᠢᠷᠭ᠎ᠠ ᠶᠡᠬᠡ ᠬᠤᠷᠳᠤ ᠳᠤ ᠲᠦᠷᠦᠭᠦᠯᠡᠵᠦ ᠪᠠᠢᠢᠭᠰᠠᠨ ᠶᠤᠮ᠃ ᠡᠨᠡ ᠵᠢᠯ ᠬᠠᠯᠵᠠᠨ ᠠᠵᠢᠷᠭ᠎ᠠ ᠮᠠᠨᠢ ᠨᠠᠭᠠᠳᠤᠮ ᠳᠤ ᠲᠦᠷᠦᠭᠦᠯᠡᠯ᠎ᠡ》 ᠬᠡᠮᠡᠨ ᠨᠠᠭᠠᠳᠤᠮ ᠤᠨ ᠰᠣᠨᠢᠨ ᠰᠠᠢᠢᠬᠠᠨ ᠠᠴᠠ ᠬᠠᠭᠤᠴᠢᠯᠠᠯ᠎ᠠ᠃