ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠥᠨᠥᠳᠥᠷ ᠳᠣᠷᠣᠨᠠᠲᠤ ᠠᠢᠢᠮᠠᠭ ᠤᠨ ᠬᠠᠯᠬᠠᠭᠣᠤᠯ ᠰᠤᠮᠤᠨ ᠳᠤ ᠬᠡᠷᠡᠭᠵᠢᠵᠦ ᠪᠤᠢ 《ᠰᠢᠨ᠎ᠡ ᠰᠤᠮᠤ》 ᠪᠦᠲᠦᠭᠡᠨ ᠪᠠᠢᠢᠭᠤᠯᠤᠯᠲᠠ ᠢᠢᠨ ᠠᠵᠢᠯ ᠲᠠᠢ ᠲᠠᠨᠢᠯᠴᠠᠯ᠎ᠠ᠃
ᠲᠡᠦᠬᠡᠲᠦ ᠬᠠᠯᠬᠠᠭᠣᠤᠯ ᠤᠨ ᠲᠤᠯᠤᠯᠳᠤᠭᠠᠨ ᠤ 80 ᠵᠢᠯ ᠦᠨ ᠣᠢ ᠢᠢ ᠡᠨᠡ ᠵᠢᠯ ᠣᠷᠣᠰ ᠤᠨ ᠬᠣᠯᠪᠣᠭᠠᠨ ᠤ ᠤᠯᠤᠰ ᠲᠠᠢ ᠬᠠᠮᠲᠤᠷᠠᠨ ᠲᠡᠮᠳᠡᠭᠯᠡᠬᠦ ᠠᠵᠢᠯ ᠤᠨ ᠬᠦᠷᠢᠶᠡᠨ ᠳᠥ ᠲᠤᠰ ᠰᠤᠮᠤ ᠢᠢᠨ ᠲᠥᠪ ᠢ ᠰᠢᠨᠡᠳᠭᠡᠬᠦ ᠰᠤᠮᠤ ᠳᠤᠮᠳᠠ ᠢᠢᠨ ᠪᠦᠲᠦᠭᠡᠨ ᠪᠠᠢᠢᠭᠤᠯᠤᠯᠲᠠ ᠪᠤᠶᠤ 《ᠰᠢᠨ᠎ᠡ ᠰᠤᠮᠤ》 ᠲᠥᠰᠥᠯ ᠢ ᠬᠠᠯᠬᠠᠭᠣᠤᠯ ᠳᠤ ᠬᠡᠷᠡᠭᠵᠢᠭᠦᠯᠵᠦ ᠪᠠᠢᠢᠨ᠎ᠠ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠳᠣᠷᠣᠨ᠎ᠠ ᠢᠢᠨ ᠡᠳ᠋ ᠍ ᠦᠨ ᠵᠠᠰᠠᠭ ᠤᠨ ᠴᠢᠭᠤᠯᠭ᠎ᠠ ᠠᠭᠤᠯᠵᠠᠯᠲᠠ ᠳᠤ ᠤᠷᠤᠯᠴᠠᠬᠤ ᠦᠶ᠎ᠡ ᠪᠡᠷ ᠢᠶᠡᠨ ᠣᠷᠣᠰ ᠤᠨ ᠬᠣᠯᠪᠣᠭᠠᠨ ᠤ ᠤᠯᠤᠰ ᠤᠨ ᠶᠡᠷᠦᠩᠬᠡᠢᠢᠯᠡᠭᠴᠢ ᠸ ∙ ᠸ ∙ ᠫᠦᠲ᠋ᠢᠨ ᠲᠠᠢ ᠠᠭᠤᠯᠵᠠᠵᠤ᠂ ᠲᠡᠦᠬᠡᠨ ᠳᠤᠷᠠᠰᠬᠠᠯ ᠲᠠᠢ᠂ ᠪᠠᠢᠢᠭᠠᠯᠢ ᠢᠢᠨ ᠥᠪᠡᠷᠮᠢᠴᠡ ᠲᠣᠭᠲᠠᠴᠠ ᠲᠠᠢ ᠲᠤᠰ ᠰᠤᠮᠤ ᠢᠢᠨ ᠬᠦᠮᠦᠨ ᠠᠮᠠ ᠴᠥᠭᠡᠷᠡᠵᠦ ᠪᠠᠢᠢᠭ᠎ᠠ ᠲᠤᠯᠠ ᠬᠠᠯᠬᠠᠭᠣᠤᠯ ᠰᠤᠮᠤ ᠢᠢ ᠰᠢᠨᠡᠳᠭᠡᠬᠦ ᠲᠥᠰᠥᠯ ᠢᠶᠡᠨ ᠲᠠᠨᠢᠯᠴᠠᠭᠤᠯᠵᠤ᠂ ᠤᠯᠠᠮ ᠢᠶᠠᠷ ᠣᠷᠣᠰ ᠤᠨ ᠬᠣᠯᠪᠣᠭᠠᠨ ᠤ ᠤᠯᠤᠰ ᠤᠨ ᠲᠠᠯ᠎ᠠ ᠰᠠᠩᠬᠦᠵᠢᠯᠲᠡ ᠢᠢ ᠰᠢᠢᠳᠪᠦᠷᠢᠯᠡᠬᠦ ᠪᠡᠨ ᠢᠯᠡᠷᠬᠡᠢᠢᠯᠡᠭᠰᠡᠨ ᠶᠤᠮ᠃
ᠮᠥᠨ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠵ ∙ ᠡᠩᠬᠡᠪᠣᠯᠤᠳ 《ᠷᠣᠰᠨᠧᠹᠲ》 ᠨᠡᠢᠢᠭᠡᠮᠯᠢᠭ᠌ ᠦᠨ ᠤᠳᠤᠷᠢᠳᠤᠯᠭ᠎ᠠ ᠨᠤᠭᠤᠳ ᠢ ᠬᠦᠯᠢᠶᠡᠨ ᠠᠪᠴᠤ ᠠᠭᠤᠯᠵᠠᠬᠤ ᠦᠶ᠎ᠡ ᠪᠡᠷ ᠲᠤᠰ ᠺᠣᠮᠫᠠᠨᠢ ᠢᠢᠨ ᠤᠳᠤᠷᠢᠳᠤᠯᠭ᠎ᠠ ᠨᠤᠭᠤᠳ ᠬᠠᠯᠬᠠᠭᠣᠤᠯ ᠰᠤᠮᠤ ᠢᠢᠨ ᠪᠦᠲᠦᠭᠡᠨ ᠪᠠᠢᠢᠭᠤᠯᠤᠯᠲᠠ ᠢᠢᠨ ᠠᠵᠢᠯ ᠳᠤ ᠵᠣᠷᠢᠭᠤᠯᠵᠤ᠂ 8 ᠰᠠᠶ᠎ᠠ ᠧᠦ᠋ᠷᠣ᠋ ᠬᠠᠨᠳᠢᠪᠯᠠᠬᠤ ᠪᠣᠯᠤᠭᠰᠠᠨ ᠢᠶᠠᠨ ᠮᠡᠳᠡᠭᠳᠡᠬᠰᠡᠨ ᠢᠶᠡᠷ᠂ ᠭᠠᠵᠠᠷ ᠰᠢᠷᠤᠢᠢᠨ ᠤ ᠠᠵᠢᠯ 2019 ᠣᠨ ᠤ ᠳᠥᠷᠪᠡᠳᠦᠭᠡᠷ ᠰᠠᠷ᠎ᠠ ᠢᠢᠨ 3 ᠍ ᠳᠥ ᠡᠬᠢᠯᠡᠭᠰᠡᠨ ᠶᠤᠮ᠃
《ᠰᠢᠨ᠎ᠡ ᠰᠤᠮᠤ》 ᠪᠦᠲᠦᠭᠡᠨ ᠪᠠᠢᠢᠭᠤᠯᠤᠯᠲᠠ ᠢᠢᠨ ᠠᠵᠢᠯ ᠤᠨ ᠬᠦᠷᠢᠶᠡᠨ ᠳᠥ ᠬᠠᠯᠬᠠᠭᠣᠤᠯ ᠰᠤᠮᠤ ᠢᠢᠨ ᠵᠠᠰᠠᠭ ᠳᠠᠷᠤᠭ᠎ᠠ ᠢᠢᠨ ᠲᠠᠮᠠᠭ᠎ᠠ ᠢᠢᠨ ᠭᠠᠵᠠᠷ᠂ 250 ᠬᠦᠮᠦᠨ ᠦ ᠰᠠᠭᠤᠳᠠᠯ ᠲᠠᠢ ᠰᠤᠶᠤᠯ ᠤᠨ ᠲᠥᠪ᠂ 20 ᠣᠷᠣ ᠲᠠᠢ ᠡᠮᠨᠡᠯᠭᠡ᠂ 650 ᠬᠡᠦᠬᠡᠳ ᠦᠨ ᠪᠠᠭᠲᠠᠭᠠᠮᠵᠢ ᠲᠠᠢ ᠰᠤᠷᠭᠠᠭᠤᠯᠢ᠂ 150 ᠬᠡᠦᠬᠡᠳ ᠦᠨ ᠴᠡᠴᠡᠷᠯᠢᠭ᠂ 180 ᠬᠡᠦᠬᠡᠳ ᠦᠨ ᠳᠣᠲᠣᠭᠤᠷ ᠪᠠᠢᠢᠷᠢ᠂ ᠰᠫᠣᠷᠲ ᠽᠠᠯ ᠵᠡᠷᠭᠡ 11 ᠪᠠᠢᠢᠭᠤᠯᠤᠮᠵᠢ ᠢᠢ ᠪᠠᠷᠢᠵᠤ ᠪᠠᠢᠢᠭᠤᠯᠵᠤ ᠪᠠᠢᠢᠨ᠎ᠠ᠃ ᠢᠩᠭᠢᠬᠦ ᠳᠥ ᠪᠡᠨ ᠳᠡᠳ᠋ ᠪᠦᠲᠦᠴᠡ ᠢᠢ ᠪᠤᠶᠤ ᠬᠠᠯᠠᠭᠤᠨ ᠬᠦᠢᠲᠡᠨ ᠤᠰᠤ᠂ ᠠᠷᠢᠭᠤᠨ ᠴᠡᠪᠡᠷ ᠦᠨ ᠪᠠᠢᠢᠭᠤᠯᠤᠮᠵᠢ ᠢᠢ ᠰᠢᠢᠳᠴᠦ ᠪᠠᠢᠢᠭ᠎ᠠ ᠶᠤᠮ᠃