ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠥᠩᠭᠡᠷᠡᠭᠰᠡᠨ ᠠᠮᠠᠷᠠᠯᠲᠠ ᠢᠢᠨ ᠡᠳᠦᠷ ᠦᠳ ᠢᠶᠡᠷ ᠳᠣᠷᠣᠨᠠᠭᠣᠪᠢ ᠠᠢᠢᠮᠠᠭ ᠲᠤ ᠠᠵᠢᠯᠯᠠᠵᠤ᠂ ᠲᠤᠰ ᠠᠢᠢᠮᠠᠭ ᠤᠨ ᠮᠠᠨᠳᠤᠬᠤ ᠰᠤᠮᠤ ᠢᠢᠨ ᠨᠤᠲᠤᠭ ᠲᠤ ᠪᠠᠷᠢᠭᠳᠠᠵᠤ ᠪᠤᠢ ᠲᠠᠪᠤᠨᠲᠣᠯᠣᠭᠠᠢ-ᠵᠡᠭᠦᠨᠪᠠᠶᠠᠨ ᠴᠢᠭᠯᠡᠯ ᠦᠨ ᠲᠡᠮᠦᠷ ᠵᠠᠮ ᠤᠨ ᠪᠦᠲᠦᠭᠡᠨ ᠪᠠᠢᠢᠭᠤᠯᠤᠯᠲᠠ ᠢᠢᠨ ᠠᠵᠢᠯ ᠤᠨ ᠶᠠᠪᠤᠴᠠ ᠲᠠᠢ ᠲᠠᠨᠢᠯᠴᠠᠯ᠎ᠠ᠃
ᠡᠨᠡ ᠲᠡᠮᠦᠷ ᠵᠠᠮ ᠨᠢ 《ᠲᠥᠷᠥ ᠡᠴᠡ ᠲᠡᠮᠦᠷ ᠵᠠᠮ ᠤᠨ ᠲᠠᠯ᠎ᠠ ᠪᠠᠷ ᠪᠠᠷᠢᠮᠲᠠᠯᠠᠬᠤ ᠪᠣᠳᠣᠯᠭ᠎ᠠ》 ᠍ ᠳᠥ ᠲᠤᠰᠬᠠᠭᠳᠠᠭᠰᠠᠨ ᠤ ᠳᠠᠭᠠᠭᠤ ᠡᠮᠦᠨᠡᠭᠣᠪᠢ ᠠᠢᠢᠮᠠᠭ ᠤᠨ ᠴᠣᠭᠲᠤᠴᠡᠴᠡᠢ ᠰᠤᠮᠤ ᠢᠢᠨ ᠲᠠᠪᠤᠨᠲᠣᠯᠣᠭᠠᠢ ᠢᠢᠨ ᠨᠡᠭᠦᠷᠡᠰᠦᠨ ᠦ ᠣᠷᠳᠣ ᠠᠴᠠ ᠳᠣᠷᠣᠨᠠᠭᠣᠪᠢ ᠠᠢᠢᠮᠠᠭ ᠤᠨ ᠵᠡᠭᠦᠨᠪᠠᠶᠠᠨ ᠴᠢᠭᠯᠡᠯ ᠳᠥ ᠨᠡᠢᠢᠲᠡ 414.6 ᠺᠢᠯᠣᠮᠧᠲ᠋ᠷ ᠲᠠᠯᠪᠢᠭᠳᠠᠬᠤ ᠶᠤᠮ᠃
ᠪᠦᠲᠦᠭᠡᠨ ᠪᠠᠢᠢᠭᠤᠯᠤᠯᠲᠠ ᠥᠷᠨᠢᠭᠦᠯᠦᠭᠰᠡᠨ ᠢᠶᠡᠷ ᠲᠠᠪᠤᠨᠲᠣᠯᠣᠭᠠᠢ ᠢᠢᠨ ᠺᠣᠺᠰᠵᠢᠬᠤ ᠨᠡᠭᠦᠷᠡᠰᠦᠨ ᠦ ᠨᠢᠭᠡ ᠵᠠᠬ᠎ᠠ ᠵᠡᠭᠡᠯᠢ ᠡᠴᠡ ᠬᠠᠮᠢᠶᠠᠷᠤᠭᠰᠠᠨ ᠪᠠᠢᠢᠳᠠᠯ ᠠᠷᠢᠯᠵᠤ᠂ ᠲᠡᠮᠦᠷ ᠵᠠᠮ ᠤᠨ ᠲᠷᠠᠰᠰ ᠳᠠᠭᠠᠭᠤᠬᠢ ᠠᠰᠢᠭᠯᠠᠭ᠎ᠠ ᠦᠭᠡᠢ ᠪᠠᠢᠢᠭ᠎ᠠ 40 ᠣᠷᠴᠢᠮ ᠣᠷᠳᠣ ᠭᠠᠵᠠᠷ ᠢ ᠠᠰᠢᠭᠯᠠᠨ ᠣᠯᠠᠨ ᠤᠯᠤᠰ ᠤᠨ ᠦᠨ᠎ᠡ ᠲᠠᠷᠢᠹ ᠢᠶᠠᠷ ᠬᠤᠳᠠᠯᠳᠤᠨ ᠠᠪᠤᠭᠴᠢᠳ ᠲᠤ ᠨᠡᠢᠢᠯᠡᠭᠦᠯᠬᠦ ᠪᠣᠯᠤᠮᠵᠢ ᠲᠠᠢ ᠪᠣᠯᠵᠤ ᠪᠠᠢᠢᠭ᠎ᠠ ᠶᠤᠮ᠃
ᠲᠡᠮᠦᠷ ᠵᠠᠮ ᠤᠨ ᠳᠡᠳ᠋ ᠪᠦᠲᠦᠴᠡ ᠬᠥᠭ᠍ᠵᠢᠭᠰᠡᠨ ᠢᠶᠡᠷ ᠪᠡᠯᠴᠢᠭᠡᠷ ᠰᠦᠢᠳᠬᠡᠯ ᠳᠥ᠂ ᠲᠣᠭᠣᠰᠣᠵᠢᠯᠲᠠ᠂ ᠬᠥᠷᠦᠰᠦᠨ ᠦ ᠪᠣᠬᠢᠷᠳᠠᠯ ᠤᠨ ᠠᠰᠠᠭᠤᠳᠠᠯ ᠦᠯᠡᠮᠵᠢ ᠬᠡᠮᠵᠢᠶ᠎ᠡ ᠪᠡᠷ ᠪᠠᠭᠠᠰᠴᠤ᠂ ᠬᠦᠨᠡᠰᠦ᠂ ᠮᠠᠯ ᠠᠵᠤ ᠠᠬᠤᠢ ᠢᠢᠨ ᠰᠠᠯᠪᠤᠷᠢ᠂ ᠠᠷᠠᠰᠤ ᠰᠢᠷᠢᠨ ᠦ ᠦᠢᠯᠡᠳᠪᠦᠷᠢᠯᠡᠯ᠂ ᠲᠡᠳᠡᠭᠡᠷ ᠦᠨ ᠯᠣᠭᠢᠰᠲ᠋ᠢᠭ ᠲᠤ ᠴᠢᠬᠤᠯᠠ ᠨᠥᠯᠥᠭᠡ ᠦᠵᠡᠭᠦᠯᠬᠦ ᠨᠡᠢᠢᠭᠡᠮ᠂ ᠡᠳ᠋ ᠍ ᠦᠨ ᠵᠠᠰᠠᠭ ᠤᠨ ᠴᠢᠬᠤᠯᠠ ᠠᠴᠢ ᠬᠣᠯᠪᠣᠭᠳᠠᠯ ᠲᠠᠢ ᠭᠡᠵᠦ ᠦᠵᠡᠵᠦ ᠪᠠᠢᠢᠭ᠎ᠠ ᠶᠤᠮ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠳᠤ ᠬᠣᠯᠪᠣᠭᠳᠠᠬᠤ ᠠᠯᠪᠠᠨ ᠲᠤᠰᠢᠶᠠᠯᠲᠠᠨ ᠨᠤᠭᠤᠳ ᠤᠨ ᠲᠠᠨᠢᠯᠴᠠᠭᠤᠯᠤᠭᠰᠠᠨ ᠢᠶᠠᠷ ᠲᠡᠮᠦᠷ ᠵᠠᠮ ᠤᠨ ᠠᠵᠢᠯ ᠡᠬᠢᠯᠡᠭᠰᠡᠨ ᠡᠴᠡ ᠬᠣᠢᠢᠰᠢ ᠵᠠᠮ ᠤᠨ ᠳᠣᠣᠷᠠᠳᠤ ᠪᠦᠲᠦᠴᠡ ᠢᠢᠨ ᠭᠠᠵᠠᠷ ᠰᠢᠷᠤᠢᠢᠨ ᠤ ᠠᠵᠢᠯ ᠪᠣᠯᠤᠨ ᠪᠤᠰᠤᠳ ᠳᠠᠭᠠᠯᠳᠤᠬᠤ ᠠᠵᠢᠯ ᠤᠳ ᠰᠠᠭᠠᠳ ᠦᠭᠡᠢ ᠦᠷᠭᠦᠯᠵᠢᠯᠡᠵᠦ ᠪᠠᠢᠢᠨ᠎ᠠ ᠭᠡᠪᠡ᠃
ᠳᠣᠣᠷᠠᠳᠤ ᠪᠦᠲᠦᠴᠡ ᠢᠢᠨ ᠠᠵᠢᠯ ᠤᠨ ᠶᠡᠷᠦᠩᠬᠡᠢ ᠭᠦᠢᠴᠡᠳᠬᠡᠭ᠍ᠴᠢ ᠪᠡᠷ ᠵᠡᠪᠰᠡᠭᠲᠦ ᠬᠦᠴᠦᠨ ᠦ ᠵᠠᠩᠵᠤᠨ ᠱᠲ᠋ᠠᠪ᠂ ᠵᠡᠪᠰᠡᠭᠲᠦ ᠬᠦᠴᠦᠨ ᠦ 7781 ᠳᠦᠭᠡᠷ ᠠᠩᠬᠢ ᠢᠢᠨ ᠪᠡᠶ᠎ᠡ ᠪᠦᠷᠢᠯᠳᠦᠬᠦᠨ ᠴᠠᠯᠢᠩ ᠲᠠᠢ ᠪᠠᠷ᠂ ᠲᠤᠰᠯᠠᠨ ᠭᠦᠢᠴᠡᠳᠬᠡᠭ᠍ᠴᠢ ᠪᠡᠷ 8 ᠺᠣᠮᠫᠠᠨᠢ᠂ ᠭᠧᠣᠯᠣᠭᠢ᠂ ᠭᠧᠣᠳᠧᠽᠢ ᠢᠢᠨ ᠬᠢᠨᠠᠯᠲᠠ ᠢᠢᠨ ᠴᠢᠭ᠌ ᠡᠭᠦᠷᠭᠡ ᠢᠢ ᠳᠥᠷᠪᠡᠨ ᠺᠣᠮᠫᠠᠨᠢ᠂ ᠨᠡᠢᠢᠲᠡ 210 ᠣᠷᠴᠢᠮ ᠲᠧᠭᠨᠢᠭ᠂ ᠲᠣᠨᠣᠭ ᠲᠥᠬᠥᠭᠡᠷᠦᠮᠵᠢ ᠠᠰᠢᠭᠯᠠᠨ ᠪᠠᠷᠢᠯᠭ᠎ᠠ ᠤᠭᠰᠠᠷᠠᠯᠲᠠ ᠢᠢᠨ ᠠᠵᠢᠯ ᠢ ᠦᠷᠭᠦᠯᠵᠢᠯᠡᠭᠦᠯᠵᠦ ᠪᠠᠢᠢᠨ᠎ᠠ᠃
ᠠᠭᠤᠯᠠ ᠠᠭᠤᠷᠬᠠᠢ ᠬᠦᠨᠳᠦ ᠦᠢᠯᠡᠳᠪᠦᠷᠢ ᠢᠢᠨ ᠰᠠᠢᠢᠳ ᠲ ∙ ᠰᠤᠮᠢᠶᠠᠪᠠᠵᠠᠷ᠂ ᠡᠨᠡ ᠲᠡᠮᠦᠷ ᠵᠠᠮ ᠢᠶᠠᠷ ᠵᠥᠪᠬᠡᠨ ᠲᠠᠪᠤᠨᠲᠣᠯᠣᠭᠠᠢ ᠢᠢᠨ ᠨᠡᠭᠦᠷᠡᠰᠦ ᠢᠢ ᠵᠥᠭᠡᠭᠡᠨ᠎ᠡ ᠭᠡᠵᠦ ᠪᠣᠳᠣᠵᠤ ᠪᠣᠯᠬᠤ ᠦᠭᠡᠢ᠃ ᠤᠴᠢᠷ ᠨᠢ ᠲᠠᠪᠤᠨᠲᠣᠯᠣᠭᠠᠢ-ᠵᠡᠭᠦᠨᠪᠠᠶᠠᠨ ᠴᠢᠭᠯᠡᠯ ᠦᠨ ᠲᠡᠮᠦᠷ ᠵᠠᠮ ᠤᠨ ᠲᠷᠠᠰᠰ ᠤᠨ ᠳᠠᠭᠠᠭᠤᠬᠢ 30 ᠺᠢᠯᠣᠮᠧᠲ᠋ᠷ ᠦᠨ ᠪᠥᠰᠡ ᠳᠥ ᠵᠥᠪᠬᠡᠨ ᠠᠰᠢᠭᠯᠠᠯᠲᠠ ᠢᠢᠨ ᠲᠤᠰᠬᠠᠢ ᠵᠥᠪᠰᠢᠶᠡᠷᠡᠯ ᠪᠦᠬᠦᠢ ᠠᠰᠢᠭᠲᠤ ᠮᠠᠯᠲᠠᠮᠠᠯ ᠤᠨ 37 ᠣᠷᠳᠣ ᠭᠠᠵᠠᠷ ᠪᠠᠢᠢᠳᠠᠭ᠃ ᠡᠭᠦᠨ ᠳᠥ ᠨᠢ᠂ ᠲᠠᠪᠤᠨᠲᠣᠯᠣᠭᠠᠢ ᠢᠢᠨ ᠨᠡᠭᠦᠷᠡᠰᠦᠨ ᠦ ᠣᠷᠳᠣ᠂ ᠬᠠᠷᠮᠠᠭᠲᠠᠢ ᠢᠢᠨ ᠵᠡᠰ ᠠᠯᠲᠠᠨ ᠤ ᠣᠷᠳᠣ᠂ ᠮᠠᠩᠯᠠᠢ ᠢᠢᠨ ᠨᠡᠭᠦᠷᠡᠰᠦᠨ ᠦ ᠣᠷᠳᠣ᠂ ᠬᠠᠷᠠᠭᠠᠲᠤ ᠠᠭᠤᠯᠠ᠂ ᠲᠥᠬᠥᠮ᠂ ᠳᠠᠳ ᠤᠨ ᠬᠠᠷ᠎ᠠ ᠠᠭᠤᠯᠠ᠂ ᠳᠤᠯᠠᠭᠠᠨ ᠠᠭᠤᠯᠠ ᠵᠡᠷᠭᠡ ᠨᠡᠭᠦᠷᠡᠰᠦ᠂ ᠵᠡᠰ᠂ ᠠᠯᠲᠠ᠂ ᠭᠥᠯᠲᠥᠭᠡᠨ ᠦ ᠲᠣᠮᠣᠬᠠᠨ ᠣᠷᠳᠣ ᠨᠤᠭᠤᠳ ᠪᠠᠢᠢᠷᠢᠰᠢᠵᠤ ᠪᠠᠢᠢᠭ᠎ᠠ ᠪᠥᠭᠡᠳ 6 ᠲᠡᠷᠪᠤᠮ ᠣᠷᠴᠢᠮ ᠲᠣᠨ ᠤᠨ ᠨᠥᠭᠡᠴᠡ ᠪᠦᠬᠦᠢ ᠪᠠᠶᠠᠯᠢᠭ ᠪᠠᠢᠢᠭ᠎ᠠ ᠭᠡᠪᠡ᠃
ᠲᠡᠮᠦᠷ ᠵᠠᠮ ᠪᠠᠷᠢᠭᠳᠠᠭᠰᠠᠨ ᠢᠶᠠᠷ ᠡᠳᠡᠭᠡᠷ ᠣᠷᠳ᠋ ᠍ ᠤᠳ ᠢ ᠡᠳ᠋ ᠍ ᠦᠨ ᠵᠠᠰᠠᠭ ᠤᠨ ᠡᠷᠭᠢᠯᠲᠡ ᠳᠥ ᠤᠷᠤᠭᠤᠯᠬᠤ ᠪᠣᠯᠤᠮᠵᠢ ᠲᠠᠢ ᠪᠣᠯᠬᠤ ᠶᠤᠮ᠃
ᠲᠥᠰᠥᠯ ᠦᠨ ᠨᠡᠢᠢᠲᠡ ᠬᠤᠭᠤᠴᠠᠭᠠᠨ ᠳᠤ ᠲᠡᠮᠦᠷ ᠵᠠᠮ ᠪᠠᠷᠢᠵᠤ ᠪᠠᠢᠢᠭᠤᠯᠬᠤ ᠳᠤ 3700 ᠣᠷᠴᠢᠮ ᠬᠦᠮᠦᠨ ᠠᠵᠢᠯ ᠲᠠᠢ ᠣᠷᠣᠯᠭ᠎ᠠ ᠲᠠᠢ ᠪᠣᠯᠬᠤ ᠪᠥᠭᠡᠳ᠂ 1352 ᠮᠠᠱᠢᠨ ᠮᠧᠬᠠᠨᠢᠰᠮ ᠠᠵᠢᠯᠯᠠᠨ᠎ᠠ᠃ ᠰᠢᠭᠤᠳ ᠪᠤᠰᠤ ᠪᠠᠷ ᠪᠤᠶᠤ ᠮᠠᠲ᠋ᠧᠷᠢᠶᠠᠯ᠂ ᠲᠧᠭᠨᠢᠭ ᠬᠠᠩ᠋ᠭᠠᠮᠵᠢ᠂ ᠤᠰᠤ᠂ ᠬᠦᠨᠡᠰᠦ ᠬᠠᠩ᠋ᠭᠠᠮᠵᠢ ᠵᠡᠷᠭᠡ ᠪᠡᠷ 10 ᠮᠢᠩ᠋ᠭ᠎ᠠ ᠣᠷᠴᠢᠮ ᠬᠦᠮᠦᠨ᠂ ᠲᠡᠳᠡᠭᠡᠷ ᠦᠨ ᠭᠡᠷ ᠪᠦᠯᠢ ᠲᠥᠰᠥᠯ ᠦᠨ ᠪᠠᠷᠢᠯᠭ᠎ᠠ ᠤᠭᠰᠠᠷᠠᠯᠲᠠ ᠢᠢᠨ ᠪᠦᠲᠦᠭᠡᠨ ᠪᠠᠢᠢᠭᠤᠯᠤᠯᠲᠠ ᠢᠢᠨ ᠦᠶ᠎ᠡ ᠳᠥ ᠣᠷᠣᠯᠭ᠎ᠠ ᠲᠠᠢ ᠪᠣᠯᠬᠤ ᠶᠤᠮ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠮᠥᠨ ᠳᠣᠷᠣᠨᠠᠭᠣᠪᠢ ᠠᠢᠢᠮᠠᠭ ᠲᠤ ᠠᠵᠢᠯᠯᠠᠬᠤ ᠦᠶ᠎ᠡ ᠪᠡᠷ ᠢᠶᠡᠨ ᠲᠠᠪᠤᠨᠲᠣᠯᠣᠭᠠᠢ-ᠵᠡᠭᠦᠨᠪᠠᠶᠠᠨ ᠴᠢᠭᠯᠡᠯ ᠦᠨ ᠲᠡᠮᠦᠷ ᠵᠠᠮ ᠤᠨ ᠪᠦᠲᠦᠭᠡᠨ ᠪᠠᠢᠢᠭᠤᠯᠤᠯᠲᠠ ᠢᠢᠨ ᠨᠢᠭᠡ ᠬᠡᠰᠡᠭ ᠨᠢ ᠥᠷᠨᠢᠵᠦ ᠪᠤᠢ ᠵᠡᠭᠦᠨᠪᠠᠶᠠᠨ ᠳ᠋ᠠᠬᠢ 15 ᠺᠢᠯᠣᠮᠧᠲ᠋ᠷ ᠲᠡᠮᠦᠷ ᠵᠠᠮ ᠪᠣᠯᠤᠭᠠᠳ ᠲᠤᠰ ᠥᠷᠲᠡᠭᠡᠨ ᠦ ᠥᠷᠭᠡᠳᠬᠡᠯ ᠦᠨ ᠠᠵᠢᠯ ᠤᠨ ᠶᠠᠪᠤᠴᠠ ᠲᠠᠢ ᠲᠠᠨᠢᠯᠠᠭᠰᠠᠨ ᠶᠤᠮ᠃
ᠵᠡᠭᠦᠨᠪᠠᠶᠠᠨ ᠥᠷᠲᠡᠭᠡᠨ ᠦ 49.4 ᠳ᠋ᠡᠬᠢ ᠺᠢᠯᠣᠮᠧᠲ᠋ᠷ ᠲᠤ ᠲᠠᠪᠤᠨᠲᠣᠯᠣᠭᠠᠢ ᠴᠢᠭᠯᠡᠯ ᠦᠨ ᠲᠡᠮᠦᠷ ᠵᠠᠮ ᠬᠣᠯᠪᠣᠭᠣᠳᠠᠬᠤ ᠲᠤᠯᠠ ᠬᠦᠴᠦᠨ ᠴᠢᠳᠠᠯ ᠢ ᠨᠡᠮᠡᠭᠳᠡᠭᠦᠯᠬᠦ ᠡᠭᠦᠳᠡᠨ ᠡᠴᠡ ᠥᠷᠲᠡᠭᠡᠨ ᠳᠥ ᠵᠠᠢᠢᠯᠠᠰᠢ ᠦᠭᠡᠢ ᠥᠷᠭᠡᠳᠬᠡᠯ ᠬᠢᠬᠦ ᠱᠠᠭᠠᠷᠳᠠᠯᠭ᠎ᠠ ᠲᠠᠢ ᠪᠣᠯᠤᠭᠰᠠᠨ ᠶᠤᠮ. 《ᠤᠯᠠᠭᠠᠨᠪᠠᠭᠠᠲᠤᠷ ᠲᠡᠮᠦᠷ ᠵᠠᠮ》 ᠬ᠂ᠨ᠂ᠨ ᠍ ᠦᠨ ᠳᠠᠷᠤᠭ᠎ᠠ ᠲ ∙ ᠵᠢᠭᠵᠢᠳᠨᠢᠮ᠎ᠠ ᠢᠢᠨ ᠲᠠᠨᠢᠯᠴᠠᠭᠤᠯᠤᠭᠰᠠᠨ ᠢᠶᠠᠷ ᠰᠠᠢᠢᠨᠱᠠᠩᠳᠠ-ᠵᠡᠭᠦᠨᠪᠠᠶᠠᠨ ᠴᠢᠭᠯᠡᠯ ᠦᠨ 47 ᠺᠢᠯᠣᠮᠧᠲ᠋ᠷ ᠲᠡᠮᠦᠷ ᠵᠠᠮ ᠤᠨ ᠳᠠᠭᠠᠭᠤ ᠬᠢᠭ᠍ᠳᠡᠬᠦ ᠪᠥᠭᠡᠳ ᠦᠶ᠎ᠡ ᠤᠭᠰᠠᠷᠠᠬᠤ ᠪᠠᠭᠠᠵᠢ ᠢᠢᠨ ᠵᠠᠰᠠᠪᠤᠷᠢ᠂ ᠰᠢᠨᠡᠴᠢᠯᠡᠯ ᠢ ᠢᠷᠡᠬᠦ ᠰᠠᠷ᠎ᠠ ᠢᠢᠨ 20 ᠍ ᠠᠴᠠ ᠡᠬᠢᠯᠡᠬᠦ ᠪᠡᠷ ᠲᠥᠯᠥᠪᠯᠡᠭᠰᠡᠨ ᠪᠠᠢᠢᠨ᠎ᠠ᠃
ᠡᠳᠡᠭᠡᠷ ᠠᠵᠢᠯ ᠡᠬᠢᠯᠡᠮᠡᠭᠴᠡ ᠮᠥᠨ 100 ᠣᠷᠴᠢᠮ ᠠᠵᠢᠯ ᠤᠨ ᠪᠠᠢᠢᠷᠢ ᠰᠢᠨ᠎ᠡ ᠪᠡᠷ ᠨᠡᠮᠡᠭᠳᠡᠬᠦ ᠶᠤᠮ ᠪᠠᠢᠢᠨ᠎ᠠ᠃
ᠵᠡᠭᠦᠨᠪᠠᠶᠠᠨ ᠥᠷᠲᠡᠭᠡ ᠣᠷᠴᠢᠮ ᠳᠤ ᠮᠥᠨ ᠵᠡᠪᠰᠡᠭᠲᠦ ᠬᠦᠴᠦᠨ ᠦ 7781 ᠳᠦᠭᠡᠷ ᠠᠩᠬᠢ ᠢᠢᠨ ᠠᠯᠪᠠ ᠬᠠᠭᠠᠭᠴᠢᠳ ᠲᠡᠮᠦᠷ ᠵᠠᠮ ᠤᠨ ᠭᠠᠵᠠᠷ ᠰᠢᠷᠤᠢᠢᠨ ᠤ ᠠᠵᠢᠯ ᠢ ᠭᠦᠢᠴᠡᠳᠭᠡᠵᠦ ᠪᠠᠢᠢᠨ᠎ᠠ᠃ ᠲᠤᠰ ᠠᠩᠬᠢ ᠢᠢᠨ ᠵᠠᠬᠢᠷᠤᠭᠴᠢ ᠪᠠᠷᠢᠭᠠᠳ᠋ ᠢᠢᠨ ᠭᠧᠨᠧᠷᠠᠯ ᠫ ∙ ᠳᠣᠷᠵᠢᠰᠦ᠋ᠷᠦᠩ ᠦᠨ ᠲᠠᠨᠢᠯᠴᠠᠭᠤᠯᠤᠭᠰᠠᠨ ᠢᠶᠠᠷ ᠥᠩᠭᠡᠷᠡᠭᠰᠡᠨ ᠰᠠᠷ᠎ᠠ ᠢᠢᠨ 25 ᠍ ᠤ ᠡᠳᠦᠷ ᠡᠴᠡ ᠲᠤᠰ ᠠᠩᠬᠢ ᠢᠢᠨ ᠠᠯᠪᠠ ᠬᠠᠭᠠᠭᠴᠢᠳ ᠤᠯᠠ ᠰᠢᠷᠤᠢᠢᠨ ᠤ ᠠᠵᠢᠯ ᠳᠤ ᠪᠠᠨ ᠣᠷᠣᠵᠠᠢ᠃
ᠵᠡᠪᠰᠡᠭᠲᠦ ᠬᠦᠴᠦᠨ ᠦ ᠬᠢᠨ 59040 ᠮ 3 ᠭᠠᠵᠠᠷ ᠰᠢᠷᠤᠢᠢᠨ ᠤ ᠠᠵᠢᠯ ᠬᠢᠵᠦ᠂ ᠬᠤᠪᠢᠶᠠᠷᠢᠳᠤ ᠠᠵᠢᠯ ᠢᠶᠠᠨ 127 ᠬᠤᠪᠢ ᠲᠠᠢ ᠪᠡᠶᠡᠯᠡᠭᠦᠯᠦᠭᠰᠡᠨ ᠨᠢ ᠡᠨᠡᠬᠦ ᠪᠦᠲᠦᠭᠡᠨ ᠪᠠᠢᠢᠭᠤᠯᠤᠯᠲᠠ ᠳᠤ ᠳᠣᠲᠣᠭᠠᠳᠤ ᠢᠢᠨ ᠴᠡᠷᠢᠭ ᠦᠨ ᠬᠦᠴᠢ ᠪᠡᠨ ᠠᠰᠢᠭᠯᠠᠭᠰᠠᠨ ᠨᠢ ᠮᠠᠰᠢ ᠶᠡᠬᠡ ᠦᠷ᠎ᠡ ᠳ᠋ᠦᠩ ᠲᠡᠢ ᠪᠠᠢᠢᠨ᠎ᠠ ᠬᠡᠮᠡᠨ ᠲᠤᠰ ᠠᠩᠭᠢ ᠢᠢᠨ ᠬᠢᠨ ᠶᠠᠷᠢᠭᠰᠠᠨ ᠶᠤᠮ᠃
ᠮᠥᠨ ᠵᠠᠮ ᠲᠡᠭᠡᠭᠡᠪᠦᠷᠢ ᠢᠢᠨ ᠬᠥᠭ᠍ᠵᠢᠯ ᠦᠨ ᠰᠠᠢᠢᠳ ᠪ ∙ ᠡᠩᠬᠡ-ᠠᠮᠤᠭᠤᠯᠠᠩ 《ᠵᠡᠪᠰᠡᠭᠲᠦ ᠬᠦᠴᠦᠨ ᠦ ᠳᠠᠪᠠᠭᠤ ᠲᠠᠯ᠎ᠠ ᠨᠢ ᠬᠠᠷᠢᠭᠤᠴᠠᠯᠭ᠎ᠠ ᠲᠠᠢ᠂ ᠡᠩ ᠦᠨ ᠠᠷᠠᠳ ᠤᠳ ᠠᠴᠠ ᠢᠯᠡᠭᠦᠦ ᠵᠣᠬᠢᠶᠠᠨ ᠪᠠᠢᠢᠭᠤᠯᠤᠯᠲᠠ ᠲᠠᠢ ᠪᠠᠢᠢᠳᠠᠭ ᠶᠠᠪᠤᠳᠠᠯ᠃ ᠵᠡᠪᠰᠡᠭᠲᠦ ᠬᠦᠴᠦᠨ ᠦ ᠬᠢᠨ ᠭᠠᠷ ᠲᠤ ᠪᠠᠷᠢᠭᠳᠠᠵᠤ ᠨᠢᠳᠦᠨ ᠳᠥ ᠦᠵᠡᠭᠳᠡᠬᠦ ᠪᠠᠷ ᠠᠵᠢᠯ ᠬᠢᠭ᠍ᠰᠡᠨ ᠪᠠᠢᠢᠨ᠎ᠠ᠃ ᠡᠨᠡ ᠭᠤᠷᠪᠠ ᠳ᠋ᠠᠬᠢ ᠡᠳᠦᠷ ᠦᠨ ᠵᠠᠰᠠᠭ ᠤᠨ ᠭᠠᠵᠠᠷ ᠤᠨ ᠬᠤᠷᠠᠯᠳᠤᠭᠠᠨ ᠢᠶᠠᠷ ᠱᠠᠭᠠᠷᠳᠠᠯᠭ᠎ᠠ ᠲᠠᠢ ᠵᠠᠷᠢᠮ ᠲᠧᠭᠨᠢᠭ ᠦᠨ ᠠᠰᠠᠭᠤᠳᠠᠯ ᠢ ᠬᠡᠯᠡᠯᠴᠡᠭᠦᠯᠦᠨ᠎ᠡ》 ᠭᠡᠰᠡᠨ ᠶᠤᠮ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠲᠡᠮᠦᠷ ᠵᠠᠮ ᠤᠨ ᠪᠦᠲᠦᠭᠡᠨ ᠪᠠᠢᠢᠭᠤᠯᠤᠯᠲᠠ ᠢᠢᠨ ᠠᠵᠢᠯ ᠲᠠᠢ ᠲᠠᠨᠢᠯᠴᠠᠭᠰᠠᠨ ᠤ ᠪᠠᠨ ᠳᠠᠷᠠᠭ᠎ᠠ ᠪᠦᠲᠦᠭᠡᠨ ᠪᠠᠢᠢᠭᠤᠯᠤᠯᠲᠠ ᠳᠤ ᠣᠷᠣᠯᠴᠠᠵᠤ ᠪᠤᠢ ᠬᠦᠮᠦᠨ ᠪᠦᠷᠢ ᠳᠥ ᠲᠠᠯᠠᠷᠬᠠᠯ ᠢᠯᠡᠷᠬᠡᠢᠢᠯᠡᠵᠦ᠂ ᠲᠥᠰᠥᠯ ᠢ ᠴᠠᠭ ᠬᠤᠭᠤᠴᠠᠭᠠᠨ ᠳᠤ ᠨᠢ ᠳᠠᠭᠤᠰᠬᠠᠬᠤ ᠳᠤ ᠠᠩᠬᠠᠷᠤᠯ ᠬᠠᠨᠳᠤᠭᠤᠯᠬᠤ ᠢᠢ ᠬᠢᠴᠢᠶᠡᠩᠭᠦᠢᠢᠯᠡᠨ ᠬᠦᠰᠡᠯ᠎ᠡ᠃