Та "Internet explorer"-ийн сүүлийн хувилбар болох "Microsoft edge"-г ашиглана уу

Хэрэв "Microsoft edge"-г татах бол энд дарж татаж авна уу

ᠬᠠᠯᠬ᠎ᠠ ᠭᠣᠣᠯ ᠤᠨ ᠪᠠᠢᠢᠯᠳᠤᠭᠠᠨ ᠤ ᠢᠯᠠᠯᠲᠠ ᠢᠢᠨ 80 ᠵᠢᠯ ᠦᠨ ᠣᠢ ᠳᠤ ᠵᠣᠷᠢᠭᠤᠯᠤᠭᠰᠠᠨ ᠣᠷᠣᠰ ᠤᠨ ᠬᠣᠯᠪᠣᠭᠠᠨ ᠤ ᠤᠯᠤᠰ ᠤᠨ ᠠᠭᠠᠷ᠂ ᠰᠠᠨᠰᠠᠷ ᠤᠨ ᠬᠦᠴᠦᠨ ᠦ ᠤᠷᠠᠨ ᠨᠢᠰᠦᠯᠭᠡ ᠢᠢᠨ ᠦᠵᠡᠭᠦᠯᠬᠦ ᠲᠣᠭᠯᠠᠯᠲᠠ ᠪᠣᠯᠤᠯ᠎ᠠ

ᠬᠠᠯᠬ᠎ᠠ ᠭᠣᠣᠯ ᠤᠨ ᠪᠠᠢᠢᠯᠳᠤᠭᠠᠨ ᠤ ᠢᠯᠠᠯᠲᠠ ᠢᠢᠨ 80 ᠵᠢᠯ ᠦᠨ ᠣᠢ ᠳᠤ ᠵᠣᠷᠢᠭᠤᠯᠤᠭᠰᠠᠨ ᠣᠷᠣᠰ ᠤᠨ ᠬᠣᠯᠪᠣᠭᠠᠨ ᠤ ᠤᠯᠤᠰ ᠤᠨ ᠠᠭᠠᠷ᠂ ᠰᠠᠨᠰᠠᠷ ᠤᠨ ᠬᠦᠴᠦᠨ ᠦ ᠤᠷᠠᠨ ᠨᠢᠰᠦᠯᠭᠡ ᠢᠢᠨ ᠦᠵᠡᠭᠦᠯᠬᠦ ᠲᠣᠭᠯᠠᠯᠲᠠ ᠥᠨᠥᠳᠥᠷ ᠬᠦᠢ ᠳᠣᠯᠣᠭᠠᠨ ᠬᠤᠳᠳᠤᠭ ᠲᠤ ᠪᠣᠯᠵᠤ ᠥᠩᠭᠡᠷᠡᠯ᠎ᠡ᠃

ᠦᠵᠡᠭᠦᠯᠬᠦ ᠲᠣᠭᠯᠠᠯᠲᠠ ᠢᠢ ᠮᠣᠩ᠋ᠭᠣᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠺᠣᠮᠠᠨ᠋ᠳ᠋ᠯᠠᠭᠴᠢ ᠬ ∙ ᠪᠠᠲᠤᠲᠤᠯᠭ᠎ᠠ ᠦᠵᠡᠵᠦ ᠰᠣᠨᠢᠷᠬᠠᠪᠠ᠃

ᠲᠥᠷᠦ ᠢᠢᠨ ᠲᠡᠷᠢᠭᠦᠨ ᠢ ᠣᠷᠣᠰ ᠤᠨ ᠬᠣᠯᠪᠣᠭᠠᠨ ᠤ ᠤᠯᠤᠰ ᠤᠨ ᠵᠡᠪᠰᠡᠭᠲᠦ ᠬᠦᠴᠦᠨ ᠦ ᠵᠠᠩᠵᠤᠨ ᠱᠲ᠋ᠠᠪ ᠤᠨ ᠣᠷᠣᠯᠠᠭᠴᠢ ᠳᠠᠷᠤᠭ᠎ᠠ᠂ ᠳᠡᠰᠯᠡᠭᠴᠢ ᠭᠧᠨᠧᠷᠠᠯ ᠠ᠊ ∙ ᠶᠦ᠊ ∙ ᠴᠠᠢᠢᠺᠣ ᠨᠠᠷ ᠤᠨ ᠲᠥᠯᠦᠭᠡᠯᠡᠭᠴᠢᠳ ᠤᠭᠲᠤᠵᠤ᠂ ᠠᠭᠠᠷ ᠤᠨ ᠴᠡᠷᠢᠭ ᠦᠨ ᠱᠲ᠋ᠠᠪ ᠤᠨ ᠳᠠᠷᠤᠭ᠎ᠠ᠂ ᠪᠠᠷᠢᠭᠠᠳ᠋ ᠤᠨ ᠭᠧᠨᠧᠷᠠᠯ ᠪ ∙ ᠪᠠᠲᠤᠪᠠᠶᠠᠷ ᠣᠷᠣᠰ ᠤᠨ ᠬᠣᠯᠪᠣᠭᠠᠨ ᠤ ᠤᠯᠤᠰ ᠤᠨ ᠠᠭᠠᠷ᠂ ᠰᠠᠨᠰᠠᠷ ᠤᠨ ᠬᠦᠴᠦᠨ ᠦ ᠤᠷᠠᠨ ᠨᠢᠰᠦᠯᠭᠡ ᠢᠢᠨ ᠦᠵᠡᠭᠦᠯᠬᠦ ᠲᠣᠭᠯᠠᠯᠲᠠ ᠢᠢᠨ ᠲᠠᠯ᠎ᠠ ᠪᠠᠷ ᠳᠡᠯᠭᠡᠷᠡᠩᠭᠦᠢ ᠮᠡᠳᠡᠭᠡᠯᠡᠯ ᠥᠭ᠍ᠭᠦᠭ᠍ᠰᠡᠨ ᠶᠤᠮ᠃

ᠣᠷᠣᠰ ᠤᠨ ᠬᠣᠯᠪᠣᠭᠠᠨ ᠤ ᠤᠯᠤᠰ ᠤᠨ ᠠᠭᠠᠷ᠂ ᠰᠠᠨᠰᠠᠷ ᠤᠨ ᠬᠦᠴᠦᠨ ᠦ ᠭᠸᠠᠷᠳ᠋ ᠍ ᠤᠨ 234 ᠍ ᠳᠤᠭᠡᠷ ᠨᠢᠰᠬᠦ ᠬᠣᠷᠢᠶᠠᠨ ᠤ 《ᠷᠦᠰᠬᠢᠶ᠎ᠡ ᠸᠢᠲ᠋ᠢᠽᠢ》 ᠪᠠᠭ ᠤᠨ ᠬᠢᠨ СУ-30 СМ ᠰᠥᠨᠦᠭᠡᠭ᠍ᠴᠢ ᠣᠩ᠋ᠭᠣᠴᠠ ᠪᠠᠷ ᠠᠭᠠᠷ ᠲᠤ ᠤᠷᠠᠨ ᠨᠢᠰᠦᠯᠭᠡ ᠬᠢᠵᠦ ᠦᠵᠡᠭᠦᠯᠦᠭᠰᠡᠨ ᠪᠥᠭᠡᠳ ᠡᠨᠡᠬᠦ ᠣᠩ᠋ᠭᠣᠴᠠ ᠨᠢ ᠰᠤᠢᠬᠣᠢ ᠢᠢᠨ ᠨᠡᠷᠡᠮᠵᠢᠲᠦ ᠵᠣᠬᠢᠶᠠᠨ ᠪᠦᠲᠦᠭᠡᠬᠦ ᠲᠣᠪᠴᠢᠶᠠᠨ ᠠᠴᠠ ᠠᠭᠠᠷ ᠲᠤ ᠨᠣᠶᠠᠯᠠᠬᠤ ᠵᠣᠷᠢᠯᠭ᠎ᠠ ᠪᠠᠷ ᠪᠦᠲᠦᠭᠡᠭ᠍ᠰᠡᠨ ᠣᠯᠠᠨ ᠲᠥᠷᠦᠯ ᠦᠨ ᠵᠣᠷᠢᠭᠤᠯᠤᠯᠲᠠ ᠲᠠᠢ᠂ ᠠᠮᠠᠳᠠᠨ ᠰᠥᠨᠦᠭᠡᠭ᠍ᠴᠢ ᠣᠩ᠋ᠭᠣᠴᠠ ᠶᠤᠮ ᠪᠠᠢᠢᠨ᠎ᠠ᠃

ᠠᠭᠠᠷ ᠤᠨ ᠴᠡᠷᠢᠭ ᠦᠨ ᠱᠲ᠋ᠠᠪ ᠤᠨ ᠳᠠᠷᠤᠭ᠎ᠠ᠂ ᠪᠠᠷᠢᠭᠠᠳ᠋ ᠤᠨ ᠭᠧᠨᠧᠷᠠᠯ ᠪ ∙ ᠪᠠᠲᠤᠪᠠᠶᠠᠷ ᠤᠨ ᠬᠡᠯᠡᠭᠰᠡᠨ ᠢᠶᠡᠷ ᠥᠨᠳᠦᠷ ᠤᠷ᠎ᠠ ᠴᠢᠳᠠᠪᠤᠷᠢ᠂ ᠲᠧᠭᠨᠢᠭ ᠱᠠᠭᠠᠷᠳᠠᠭᠰᠠᠨ ᠬᠦᠨᠳᠦ ᠦᠵᠡᠭᠦᠯᠪᠦᠷᠢ ᠨᠦᠭᠦᠳ ᠢ ᠣᠷᠣᠰ ᠤᠨ ᠬᠣᠯᠪᠣᠭᠠᠨ ᠤ ᠤᠯᠤᠰ ᠤᠨ ᠨᠢᠰᠦᠭᠴᠢᠳ ᠰᠠᠢᠢᠨ ᠭᠦᠢᠴᠡᠳᠭᠡᠭ᠍ᠰᠡᠨ ᠪᠥᠭᠡᠳ ᠦᠬᠦᠯ ᠦᠨ ᠭᠣᠭᠴᠣᠭ᠎ᠠ ᠬᠡᠮᠡᠬᠦ ᠪᠦᠲᠦᠨ ᠲᠣᠭᠣᠷᠢᠭ ᠢᠶᠠᠷ ᠡᠷᠭᠢᠯᠳᠦᠬᠦ ᠦᠵᠡᠭᠦᠯᠪᠦᠷᠢ ᠢᠢ ᠬᠢᠭ᠍ᠰᠡᠨ ᠨᠢ ᠬᠠᠮᠤᠭ ᠤᠨ ᠬᠦᠨᠳᠦ ᠳᠥ ᠪᠡᠨ ᠲᠣᠭᠠᠴᠠᠭᠳᠠᠳᠠᠭ ᠪᠠᠢᠢᠨ᠎ᠠ᠃