ᠡᠨᠡ ᠦᠶ᠎ᠡ ᠪᠡᠷ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠬᠠᠯᠬ᠎ᠠ ᠢᠢᠨ ᠭᠣᠣᠯ ᠤᠨ ᠪᠠᠢᠢᠯᠳᠤᠭᠠᠨ ᠤ ᠲᠡᠦᠬᠡᠲᠦ 80 ᠵᠢᠯ ᠦᠨ ᠣᠢ ᠢᠢ ᠥᠷᠭᠡᠨ ᠲᠡᠮᠳᠡᠭᠯᠡᠬᠦ ᠬᠦᠷᠢᠶᠡᠨ ᠳᠥ ᠮᠣᠩ᠋ᠭᠣᠯ᠂ ᠵᠥᠪᠯᠡᠯᠲᠦ ᠢᠢᠨ ᠳᠠᠢᠢᠴᠢᠳ ᠤᠨ ᠲᠡᠦᠬᠡᠨ ᠢᠯᠠᠯᠲᠠ ᠢᠢᠨ ᠠᠴᠢ ᠬᠣᠯᠪᠣᠭᠳᠠᠯ ᠢ ᠰᠤᠷᠲᠠᠯᠴᠢᠯᠠᠬᠤ᠂ ᠲᠤᠯᠤᠯᠳᠤᠭᠠᠨ ᠳᠤ ᠣᠷᠣᠯᠴᠠᠭᠰᠠᠳ ᠤᠨ ᠭᠠᠪᠢᠶ᠎ᠠ᠂ ᠳᠤᠷᠠᠰᠬᠠᠯ ᠢ ᠠᠯᠳᠠᠷᠰᠢᠭᠤᠯᠤᠨ ᠮᠥᠩᠬᠡᠵᠢᠭᠦᠯᠬᠦ ᠵᠡᠷᠭᠡ ᠣᠯᠠᠨ ᠠᠵᠢᠯ ᠢ ᠣᠷᠣᠰ ᠤᠨ ᠬᠣᠯᠪᠣᠭᠠᠨ ᠤ ᠤᠯᠤᠰ ᠤᠨ ᠲᠥᠷᠥ᠂ ᠵᠠᠰᠠᠭ ᠤᠨ ᠪᠠᠢᠢᠭᠤᠯᠤᠯᠭ᠎ᠠ᠂ ᠠᠨᠳᠠ ᠨᠥᠬᠥᠳ ᠲᠡᠢ ᠪᠡᠨ ᠬᠠᠮᠲᠤᠷᠠᠨ ᠭᠦᠢᠴᠡᠳᠭᠡᠭ᠍ᠰᠡᠨ ᠭᠡᠳᠡᠭ ᠢ ᠴᠣᠬᠣᠨ ᠲᠡᠮᠳᠡᠭᠯᠡᠭᠰᠡᠨ ᠶᠤᠮ᠃
ᠮᠥᠨ ᠳᠣᠷᠣᠨᠠᠲᠤ ᠠᠢᠢᠮᠠᠭ ᠤᠨ ᠬᠠᠯᠬᠠᠭᠣᠤᠯ ᠰᠤᠮᠤ ᠨᠢ ᠡᠨᠡ ᠪᠠᠢᠢᠯᠳᠤᠭᠠᠨ ᠤ ᠬᠠᠮᠤᠭ ᠤᠨ ᠭᠣᠣᠯ ᠲᠠᠯᠠᠪᠤᠷ ᠨᠢ ᠪᠣᠯᠵᠤ ᠲᠡᠦᠬᠡᠨ ᠢᠯᠠᠯᠲᠠ ᠢᠢᠨ ᠲᠦᠰᠢᠴᠡ ᠭᠠᠵᠠᠷ ᠪᠠᠢᠢᠭᠰᠠᠨ ᠭᠡᠳ᠂ ᠢᠯᠠᠯᠲᠠ ᠢᠢᠨ 80 ᠵᠢᠯ ᠦᠨ ᠣᠢ ᠢᠢ ᠤᠭᠲᠤᠵᠤ ᠬᠠᠯᠬᠠᠭᠣᠤᠯ ᠰᠤᠮᠤ ᠢᠢᠨ ᠰᠢᠨ᠎ᠡ ᠲᠥᠪ ᠢ ᠪᠠᠷᠢᠬᠤ ᠲᠥᠰᠥᠯ ᠢ ᠷᠣᠰᠣᠨᠧᠹᠲ ᠺᠣᠮᠫᠠᠨᠢ ᠢᠢᠨ 8 ᠰᠠᠶ᠎ᠠ ᠧᠦ᠋ᠷᠣ᠋ ᠢᠢᠨ ᠬᠠᠨᠳᠢᠪ ᠢᠶᠠᠷ ᠬᠡᠷᠡᠭᠵᠢᠭᠦᠯᠦᠨ ᠣᠷᠴᠢᠨ ᠦᠶ᠎ᠡ ᠢᠢᠨ ᠲᠣᠬᠢᠯᠢᠭ ᠰᠠᠭᠤᠷᠢᠨ ᠪᠤᠢ ᠪᠣᠯᠵᠤ᠂ ᠬᠢᠵᠠᠭᠠᠷ ᠨᠤᠲᠤᠭ ᠤᠨ ᠣᠷᠣᠰᠢᠨ ᠰᠠᠭᠤᠭᠴᠢᠳ ᠤᠨ ᠠᠮᠢᠳᠤᠷᠠᠯ ᠠᠬᠤᠢ ᠳᠤ ᠦᠷ᠎ᠡ ᠥᠭ᠍ᠭᠦᠭᠡᠵᠢ ᠪᠡᠨ ᠥᠭᠴᠦ ᠪᠤᠢ ᠢᠢ ᠳᠤᠭᠤᠯᠠᠭᠠᠯᠠᠭᠠ᠃
ᠲᠡᠭᠦᠨᠴᠢᠯᠡᠨ ᠶᠡᠷᠦᠩᠬᠡᠢᠢᠯᠡᠭᠴᠢ ᠸ ∙ ᠸ ∙ ᠫᠦᠲ᠋ᠢᠨ ᠲᠡᠢ ᠮᠣᠩ᠋ᠭᠣᠯ᠂ ᠣᠷᠣᠰ ᠤᠨ ᠬᠠᠷᠢᠯᠴᠠᠭ᠎ᠠ ᠢᠢ ᠴᠢᠨᠠᠭᠰᠢᠳᠠ ᠭᠦᠨᠵᠡᠭᠡᠢᠢᠷᠡᠭᠦᠯᠦᠨ ᠬᠥᠭ᠍ᠵᠢᠭᠦᠯᠬᠦ ᠥᠷᠭᠡᠨ ᠬᠦᠷᠢᠶ᠎ᠡ ᠲᠡᠢ ᠠᠰᠠᠭᠤᠳᠠᠯ ᠢᠶᠠᠷ ᠦᠷ᠎ᠡ ᠳ᠋ᠦᠩ ᠲᠡᠢ ᠬᠡᠯᠡᠯᠴᠡᠭᠡ ᠬᠢᠵᠦ᠂ ᠬᠠᠷᠢᠯᠴᠠᠭᠠᠨ ᠤ ᠰᠠᠭᠤᠷᠢ ᠵᠠᠷᠴᠢᠮ ᠤᠳ ᠢ ᠲᠤᠰᠬᠠᠭᠰᠠᠨ 1993 ᠣᠨ ᠤ ᠭᠡᠷ᠎ᠡ ᠪᠡᠨ ᠰᠢᠨᠡᠴᠢᠯᠡᠨ 《ᠨᠠᠢᠢᠷᠰᠠᠭ ᠬᠠᠷᠢᠯᠴᠠᠭ᠎ᠠ᠂ ᠢᠵᠢ ᠪᠥᠷᠢᠨ ᠰᠲ᠋ᠷᠠᠲ᠋ᠧᠭᠢ ᠢᠢᠨ ᠲᠦᠩᠰᠢᠯᠡᠯ ᠦᠨ ᠲᠤᠬᠠᠢ ᠮᠣᠩ᠋ᠭᠣᠯ ᠤᠯᠤᠰ᠂ ᠣᠷᠣᠰ ᠤᠨ ᠬᠣᠯᠪᠣᠭᠠᠨ ᠤ ᠤᠯᠤᠰ ᠬᠣᠭᠣᠷᠣᠨᠳᠣ ᠢᠢᠨ ᠭᠡᠷ᠎ᠡ》 ᠪᠣᠯᠭᠠᠨ ᠬᠤᠭᠤᠴᠠᠭ᠎ᠠ ᠦᠭᠡᠢ ᠪᠠᠢᠢᠭᠤᠯᠤᠭᠰᠠᠨ ᠢᠶᠠᠷ ᠮᠠᠨ ᠤ ᠬᠣᠶᠠᠷ ᠤᠯᠤᠰ ᠤᠨ ᠬᠠᠷᠢᠯᠴᠠᠭ᠎ᠠ ᠰᠢᠨ᠎ᠡ ᠲᠦᠪᠰᠢᠨ ᠳᠥ ᠭᠠᠷᠤᠭᠰᠠᠨ ᠭᠡᠳᠡᠭ ᠢ ᠵᠠᠷᠯᠠᠭᠰᠠᠨ ᠶᠤᠮ᠃