Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠪᠦᠭᠦᠳᠡ ᠨᠠᠢᠢᠷᠠᠮᠳᠠᠬᠤ ᠡᠨᠡᠳᠬᠡᠭ ᠤᠯᠤᠰ ᠤᠨ ᠶᠡᠷᠦᠩᠬᠡᠢ ᠰᠠᠢᠢᠳ ᠨᠠᠷᠧᠨᠳ᠋ᠷᠠ ᠮᠣᠳᠢ ᠲᠠᠢ ᠠᠭᠤᠯᠵᠠᠯ᠎ᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠣᠷᠣᠰ ᠤᠨ ᠬᠣᠯᠪᠣᠭᠠᠨ ᠤ ᠤᠯᠤᠰ ᠤᠨ ᠸᠯᠠᠳᠢᠸᠤᠰᠲ᠋ᠣᠺ ᠬᠣᠲᠠᠨ᠎ᠠ ᠪᠦᠭᠦᠳᠡ ᠨᠠᠢᠢᠷᠠᠮᠳᠠᠬᠤ ᠡᠨᠡᠳᠬᠡᠭ᠌ ᠤᠯᠤᠰ ᠤᠨ ᠶᠡᠷᠦᠩᠬᠡᠢ ᠰᠠᠢᠢᠳ ᠨᠠᠷᠧᠨᠳ᠋ᠷᠠ ᠮᠣᠳᠢ ᠲᠠᠢ ᠠᠭᠤᠯᠵᠠᠯ᠎ᠠ᠃

ᠠᠭᠤᠯᠵᠠᠯᠲᠠ ᠢᠢᠨ ᠡᠬᠢᠨ ᠳᠥ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠳᠣᠷᠣᠨ᠎ᠠ ᠢᠢᠨ ᠡᠳ᠋ ᠍ ᠦᠨ ᠵᠠᠰᠠᠭ ᠤᠨ ᠴᠢᠭᠤᠯᠭᠠᠨ ᠳᠤ ᠠᠩᠬ᠎ᠠ ᠤᠳᠠᠭ᠎ᠠ ᠣᠷᠣᠯᠴᠠᠵᠤ ᠪᠤᠢ ᠶᠡᠷᠦᠩᠬᠡᠢ ᠰᠠᠢᠢᠳ ᠨ ∙ ᠮᠣᠳᠢ ᠳᠤ ᠠᠮᠵᠢᠯᠲᠠ ᠬᠦᠰᠡᠯ᠎ᠡ᠃

ᠮᠥᠨ ᠪᠦᠭᠦᠳᠡ ᠨᠠᠢᠢᠷᠠᠮᠳᠠᠬᠤ ᠡᠨᠡᠳᠬᠡᠭ᠌  ᠤᠨ ᠶᠡᠷᠦᠩᠬᠡᠢ ᠰᠠᠢᠢᠳ ᠨ ∙ ᠮᠣᠳᠢ 2015 ᠣᠨ ᠳᠤ ᠮᠣᠩ᠋ᠭᠣᠯ ᠤᠯᠤᠰ ᠲᠤ ᠠᠢᠢᠯᠴᠢᠯᠠᠭᠰᠠᠨ ᠠᠴᠠ ᠬᠣᠢᠢᠰᠢ ᠨᠧᠹᠲ ᠪᠣᠯᠪᠠᠰᠤᠷᠠᠭᠤᠯᠬᠤ ᠦᠢᠯᠡᠳᠪᠦᠷᠢ ᠢᠢᠨ ᠳᠡᠳ᠋ ᠪᠦᠲᠦᠴᠡ ᠢᠢᠨ ᠠᠵᠢᠯ ᠤᠷᠤᠭᠰᠢᠲᠠᠢ᠂ ᠦᠢᠯᠡᠳᠪᠦᠷᠢ ᠬᠦᠷᠲᠡᠯᠡᠬᠢ ᠲᠡᠮᠦᠷ ᠵᠠᠮ᠂ ᠵᠠᠰᠠᠮᠠᠯ ᠵᠠᠮ ᠪᠠᠷᠢᠭᠳᠠᠵᠤ᠂ ᠡᠷᠴᠢᠮ ᠬᠦᠴᠦᠨ ᠦ ᠠᠰᠠᠭᠤᠳᠠᠯ ᠢ ᠰᠢᠢᠳᠪᠦᠷᠢᠯᠡᠭᠰᠡᠨ ᠭᠡᠳᠡᠭ ᠢ ᠳᠤᠭᠤᠯᠠᠭᠠᠯᠤᠭ᠎ᠠ᠃ ᠤᠯᠠᠮ ᠢᠶᠠᠷ ᠲᠤᠰ ᠤᠯᠤᠰ ᠲᠠᠢ ᠨᠧᠹᠢᠲ᠂ ᠪᠤᠰᠤᠳ ᠡᠳ᠋ ᠍ ᠦᠨ ᠵᠠᠰᠠᠭ ᠤᠨ ᠬᠠᠮᠲᠤ ᠢᠢᠨ ᠠᠵᠢᠯᠯᠠᠭ᠎ᠠ ᠢᠢ ᠢᠳᠡᠬᠢᠵᠢᠭᠦᠯᠬᠦ ᠪᠡᠷ ᠠᠵᠢᠯᠯᠠᠵᠤ ᠪᠠᠢᠢᠭ᠎ᠠ ᠪᠠᠨ ᠬᠡᠯᠡᠭᠰᠡᠨ ᠶᠤᠮ᠃

ᠪᠦᠭᠦᠳᠡ ᠨᠠᠢᠢᠷᠠᠮᠳᠠᠬᠤ ᠡᠨᠡᠳᠬᠡᠭ᠌ ᠍ ᠤᠨ ᠶᠡᠷᠦᠩᠬᠡᠢ ᠰᠠᠢᠢᠳ ᠨ ∙ ᠮᠣᠳᠢ ᠮᠥᠨ ᠬᠤᠳᠠᠯᠳᠤᠭ᠎ᠠ᠂ ᠡᠳ᠋ ᠍ ᠦᠨ ᠵᠠᠰᠠᠭ ᠤᠨ ᠬᠠᠷᠢᠯᠴᠠᠭ᠎ᠠ ᠢᠢ ᠨᠡᠮᠡᠭᠳᠡᠭᠦᠯᠬᠦ ᠢᠢᠨ ᠴᠢᠬᠤᠯᠠ ᠢᠢ ᠣᠨᠴᠠᠯᠠᠵᠤ᠂ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠡᠨᠡᠳᠬᠡᠭ᠌ ᠤᠯᠤᠰ ᠲᠤ ᠬᠢᠬᠦ ᠠᠢᠢᠯᠴᠢᠯᠠᠯ ᠤᠨ ᠦᠶ᠎ᠡ ᠪᠡᠷ ᠢᠯᠡᠭᠦᠦ ᠪᠣᠳᠠᠲᠠᠢ ᠵᠦᠢᠯ ᠬᠢᠵᠦ᠂ ᠦᠷ᠎ᠡ ᠳ᠋ᠦᠩ ᠳᠥ ᠨᠢ ᠬᠣᠶᠠᠷ ᠤᠯᠤᠰ ᠤᠨ ᠬᠠᠷᠢᠯᠴᠠᠭ᠎ᠠ ᠢᠢ ᠨᠢᠭᠡ ᠱᠠᠲᠤ ᠠᠬᠢᠭᠤᠯᠬᠤ ᠬᠦᠯᠢᠶᠡᠯᠲᠡ ᠲᠡᠢ ᠪᠠᠢᠢᠭ᠎ᠠ ᠪᠠᠨ ᠢᠯᠡᠷᠬᠡᠢᠢᠯᠡᠪᠡ᠃

ᠲᠠᠯ᠎ᠠ ᠨᠤᠭᠤᠳ ᠮᠠᠨ ᠤ ᠬᠣᠶᠠᠷ ᠤᠯᠤᠰ ᠤᠨ ᠪᠣᠯᠤᠨ ᠪᠥᠰᠡ ᠨᠤᠲᠤᠭ ᠤᠨ ᠠᠶᠤᠯ ᠦᠭᠡᠢ ᠪᠠᠢᠢᠳᠠᠯ ᠤᠨ ᠠᠰᠠᠭᠤᠳᠠᠯ ᠢᠶᠠᠷ ᠰᠠᠨᠠᠯ ᠰᠣᠯᠢᠯᠴᠠᠯ᠎ᠠ᠃