ᠪᠦᠭᠦᠳᠡ ᠨᠠᠢᠢᠷᠠᠮᠳᠠᠬᠤ ᠡᠨᠡᠳᠬᠡᠭ᠌ ᠤᠯᠤᠰ ᠲᠤ ᠲᠥᠷᠦ ᠢᠢᠨ ᠠᠢᠢᠯᠴᠢᠯᠠᠯ ᠬᠢᠵᠦ ᠪᠤᠢ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠥᠴᠦᠭᠡᠳᠦᠷ ᠪᠢᠬᠠᠷ ᠮᠤᠵᠢ ᠢᠢᠨ ᠪᠣᠳᠢ ᠭᠠᠶᠠ ᠬᠣᠲᠠ ᠳᠤ ᠪᠠᠢᠢᠬᠤ ᠮᠣᠩ᠋ᠭᠣᠯ ᠬᠡᠢᠢᠳ ᠲᠥ ᠵᠣᠴᠢᠯᠠᠯ᠎ᠠ᠃
ᠡᠳᠦᠭᠡ ᠪᠣᠳᠢ ᠭᠠᠶᠠ ᠳᠤ ᠪᠤᠷᠬᠠᠨ ᠤ ᠱᠠᠰᠢᠨ ᠤ ᠣᠯᠠᠨ ᠤᠯᠤᠰ ᠣᠷᠣᠨ ᠤ ᠰᠦᠮ᠎ᠡ ᠪᠠᠢᠢᠳᠠᠭ ᠳᠣᠲᠣᠷ᠎ᠠ ᠭᠠᠨᠳᠠᠩ ᠬᠦᠷᠢᠶᠡᠨ ᠦ ᠭᠣᠣᠯ ᠪᠡᠯᠭᠡᠳᠡᠯ ᠪᠣᠯᠬᠤ ᠥᠨᠳᠦᠷ ᠭᠡᠭᠡᠭᠡᠨ ᠦ ᠪᠠᠲᠤᠴᠠᠭᠠᠨ ᠳᠤᠭᠤᠨ ᠤ ᠨᠡᠷᠡᠰᠢᠯ ᠲᠡᠢ ᠮᠣᠩ᠋ᠭᠣᠯ ᠬᠡᠢᠢᠳ 2017 ᠣᠨ ᠤ ᠨᠢᠭᠡᠳᠦᠭᠡᠷ ᠰᠠᠷ᠎ᠠ ᠠᠴᠠ ᠨᠡᠭᠡᠭᠡᠭ᠍ᠳᠡᠭᠰᠡᠨ ᠶᠤᠮ᠃
ᠲᠥᠷᠦ ᠢᠢᠨ ᠲᠡᠷᠢᠭᠦᠨ ᠢ ᠲᠤᠰ ᠬᠡᠢᠢᠳ ᠲᠥ ᠬᠦᠷᠦᠯᠴᠡᠨ ᠣᠴᠢᠬᠤ ᠦᠶ᠎ᠡ ᠳᠥ ᠮᠣᠩ᠋ᠭᠣᠯ ᠤᠨ ᠪᠤᠷᠬᠠᠨ ᠱᠠᠰᠢᠨᠲᠠᠨ ᠤ ᠭᠠᠨᠳᠠᠩᠳᠡᠭᠴᠢᠩᠯᠢᠩ ᠬᠡᠢᠢᠳ ᠦᠨ ᠲᠡᠷᠢᠭᠦᠨ ᠶᠡᠬᠡ ᠬᠠᠮᠪᠤ ᠯᠠᠮᠠ᠂ ᠭᠠᠪᠵᠤ ᠳ ∙ ᠴᠣᠢᠢᠵᠠᠮᠴᠤ ᠤᠭᠲᠤᠵᠤ᠂ ᠮᠣᠩ᠋ᠭᠣᠯ ᠬᠡᠢᠢᠳ ᠦᠨ ᠣᠯᠠᠨ ᠡᠷᠭᠢᠯᠴᠢᠳ᠂ ᠮᠥᠷᠭᠥᠯᠴᠢᠳ ᠦᠨ ᠡᠮᠦᠨ᠎ᠡ ᠡᠭᠦᠳᠡ ᠪᠡᠨ ᠨᠡᠭᠡᠭᠡᠵᠦ᠂ ᠡᠳᠦᠷ ᠲᠤᠲᠤᠮ ᠦᠢᠯᠡ ᠠᠵᠢᠯᠯᠠᠭ᠎ᠠ ᠪᠠᠨ ᠶᠠᠪᠤᠭᠤᠯᠵᠤ ᠪᠠᠢᠢᠭ᠎ᠠ ᠲᠠᠯ᠎ᠠ ᠪᠠᠷ ᠲᠠᠨᠢᠯᠴᠠᠭᠤᠯᠤᠯ᠎ᠠ᠃
ᠮᠣᠩ᠋ᠭᠣᠯ ᠬᠡᠢᠢᠳ ᠨᠢ ᠳᠡᠯᠡᠬᠡᠢ ᠢᠢᠨ 510 ᠰᠠᠶ᠋ᠢ ᠪᠤᠳ᠋ᠳ᠋ᠾᠢᠰᠲ ᠤᠨ ᠬᠠᠮᠤᠭ ᠤᠨ ᠳᠠᠭᠰᠢᠨ ᠮᠥᠷᠭᠥᠯ ᠦᠨ ᠨᠢᠭᠡ ᠳᠥ ᠲᠣᠭᠠᠴᠠᠭᠳᠠᠬᠤ ᠪᠣᠳᠢ ᠮᠣᠳᠣ᠂ ᠶᠡᠬᠡ ᠪᠣᠳᠢ ᠰᠤᠪᠤᠷᠭ᠎ᠠ ᠠᠴᠠ 1 ᠺᠢᠯᠣᠮᠧᠲ᠋ᠷ ᠤᠨ ᠵᠠᠢ ᠲᠠᠢ ᠣᠷᠣᠰᠢᠳᠠᠭ ᠪᠥᠭᠡᠳ ᠳᠡᠭᠡᠷᠡᠬᠢ ᠢᠢᠨ ᠭᠡᠭᠡᠭᠡᠨᠲᠡᠨ 2017 ᠣᠨ ᠳᠤ ᠬᠦᠷᠦᠯᠴᠡᠨ ᠣᠴᠢᠭᠰᠠᠨ ᠢᠢᠠᠷ ᠬᠡᠢᠢᠳ ᠢ ᠠᠯᠪᠠᠨ ᠶᠣᠰᠣᠭᠠᠷ ᠨᠡᠭᠡᠭᠡᠵᠦ ᠪᠠᠢᠢᠵᠡᠢ᠃
ᠮᠣᠩ᠋ᠭᠣᠯ ᠬᠡᠢᠢᠳ ᠲᠡᠢ ᠲᠠᠨᠢᠯᠴᠠᠭᠰᠠᠨ ᠤ ᠳᠠᠷᠠᠭ᠎ᠠ ᠲᠥᠷᠦ ᠢᠢᠨ ᠲᠡᠷᠢᠭᠦᠨ ᠶᠦᠨᠧᠰᠺᠣ ᠍ ᠢᠢᠨ ᠳᠡᠯᠡᠬᠡᠢ ᠢᠢᠨ ᠥᠪ ᠦᠨ ᠵᠢᠭ᠌ᠰᠠᠭᠠᠯᠲᠠ ᠳᠤ ᠪᠠᠭᠲᠠᠳᠠᠭ ᠮᠢᠬᠠᠪᠣᠳᠢ ᠰᠦᠮ᠎ᠡ ᠪᠣᠯᠤᠨ ᠴᠣᠭᠲᠤ ᠨᠠᠯᠠᠨ᠋ᠳᠠᠷ ᠤᠨ ᠶᠡᠬᠡ ᠰᠤᠷᠭᠠᠭᠤᠯᠢ ᠢᠢᠨ ᠲᠤᠷ᠎ᠠ ᠢᠢ ᠦᠵᠡᠵᠦ ᠰᠣᠨᠢᠷᠬᠠᠭᠰᠠᠨ ᠶᠤᠮ᠃
ᠪᠣᠳᠢ ᠭᠠᠶᠠ ᠬᠣᠲᠠ ᠳᠤ ᠪᠠᠢᠢᠬᠤ ᠪᠤᠳ᠋ᠳ᠋ᠾᠢᠰᠮ ᠤᠨ ᠲᠡᠳᠦᠢ ᠦᠭᠡᠢ ᠬᠦᠮᠦᠨ ᠲᠥᠷᠦᠯᠬᠢᠲᠡᠨ ᠦ ᠲᠡᠦᠬᠡᠨ ᠳ᠋ᠡᠬᠢ ᠬᠠᠮᠤᠭ ᠤᠨ ᠲᠣᠮᠣ ᠪᠣᠯᠪᠠᠰᠤᠷᠠᠯ ᠤᠨ ᠲᠥᠪ ᠭᠡᠭ᠍ᠳᠡᠵᠦ ᠪᠠᠢᠢᠭᠰᠠᠨ ᠴᠣᠭᠲᠤ ᠨᠠᠯᠠᠨ᠋ᠳᠠᠷ ᠤᠨ ᠶᠡᠬᠡ ᠰᠤᠷᠭᠠᠭᠤᠯᠢ ᠳᠤ ᠪᠤᠳ᠋ᠳ᠋ᠾᠢᠰᠮ ᠤᠨ ᠭᠦᠨ ᠤᠬᠠᠭᠠᠨ ᠲᠡᠳᠦᠢ ᠦᠭᠡᠢ ᠣᠳᠤᠨ ᠣᠷᠣᠨ ᠰᠤᠳᠤᠯᠤᠯ᠂ ᠠᠨᠠᠭᠠᠬᠤ ᠤᠬᠠᠭᠠᠨ᠂ ᠮᠠᠲ᠋ᠧᠮᠠᠲ᠋ᠢᠺ ᠵᠡᠷᠭᠡ ᠣᠯᠠᠨ ᠰᠠᠯᠪᠤᠷᠢ ᠢᠢᠨ ᠮᠡᠳᠡᠯᠭᠡ ᠣᠯᠭᠤᠳᠠᠭ ᠰᠤᠷᠭᠠᠯᠲᠠ ᠶᠠᠪᠤᠭᠤᠯᠳᠠᠭ ᠪᠠᠢᠢᠵᠡᠢ᠃
ᠲᠤᠰ ᠲᠤᠷ᠎ᠠ ᠢᠢ ᠶᠦᠨᠧᠰᠺᠣ ᠍ ᠤᠨ ᠰᠣᠶᠣᠯ ᠤᠨ ᠥᠪ ᠲᠥ 2016 ᠣᠨ ᠳᠤ ᠪᠦᠷᠢᠳᠬᠡᠭ᠍ᠰᠡᠨ ᠪᠠᠢᠢᠨ᠎ᠠ᠃ ᠬᠠᠷᠢᠨ ᠮᠠᠬᠠᠪᠣᠳᠢ ᠰᠦᠮ᠎ᠡ 2002 ᠣᠨ ᠳᠤ ᠪᠦᠷᠢᠳᠬᠡᠭ᠍ᠳᠡᠭᠰᠡᠨ ᠪᠥᠭᠡᠳ ᠡᠨᠡ ᠭᠠᠵᠠᠷ ᠲᠤ ᠰᠢᠳ᠋ᠾᠠᠷᠲ᠋ᠠ ᠭᠠᠦ᠋ᠲᠠᠮ᠎ᠠ ᠪᠤᠳ᠋ᠳ᠋ᠾᠠ ᠪᠣᠯᠵᠤ ᠭᠡᠭᠡᠷᠡᠭᠰᠡᠨ ᠭᠡᠳᠡᠭ ᠢᠶᠡᠷ ᠢᠶᠡᠨ ᠠᠯᠳᠠᠷᠲᠠᠢ ᠶᠤᠮ᠃ ᠰᠦᠮ᠎ᠡ ᠢᠢᠨ ᠪᠠᠷᠠᠭᠤᠨ ᠲᠠᠯ᠎ᠠ ᠳᠤ ᠪᠣᠳᠢ ᠮᠣᠳᠣ ᠪᠣᠯᠤᠨ ᠲᠡᠭᠦᠨ ᠦ ᠭᠡᠭᠡᠷᠡᠯ ᠦᠨ ᠬᠤᠲᠤᠭ ᠢ ᠣᠯᠲᠠᠯ᠎ᠠ ᠪᠣᠰᠬᠤ ᠦᠭᠡᠢ ᠬᠡᠮᠡᠨ ᠬᠠᠲᠠᠭᠤ ᠲᠠᠩ᠋ᠭᠠᠷᠢᠭ ᠲᠠᠯᠪᠢᠨ ᠰᠠᠭᠤᠵᠤ ᠪᠠᠢᠢᠭᠰᠠᠨ ᠤᠯᠠᠭᠠᠨ ᠴᠢᠯᠠᠭᠤ ᠪᠠᠢᠢᠳᠠᠭ ᠠᠵᠢ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠰᠤᠶᠤᠯ ᠤᠨ ᠥᠪ ᠦᠳ ᠲᠡᠢ ᠲᠠᠨᠢᠯᠴᠠᠬᠤ ᠦᠶ᠎ᠡ ᠪᠡᠷ ᠢᠶᠡᠨ ᠬᠠᠳᠠᠭᠠᠯᠠᠯᠲᠠ᠂ ᠬᠠᠮᠠᠭᠠᠯᠠᠯᠲᠠ ᠢᠢᠨ ᠠᠰᠠᠭᠤᠳᠠᠯ ᠢᠶᠠᠷ ᠬᠣᠯᠪᠣᠭᠳᠠᠬᠤ ᠬᠦᠮᠦᠰ ᠲᠡᠢ ᠰᠠᠨᠠᠯ ᠪᠣᠳᠣᠯ ᠢᠶᠠᠨ ᠰᠣᠯᠢᠯᠴᠠᠯ᠎ᠠ᠃