ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠥᠨᠥᠳᠥᠷ ᠪᠦᠭᠦᠳᠡ ᠨᠠᠢᠢᠷᠠᠮᠳᠠᠬᠤ ᠡᠨᠡᠳᠬᠡᠭ᠌ ᠤᠯᠤᠰ᠍ ᠤᠨ ᠨᠠᠷᠠᠨ ᠤ ᠡᠷᠴᠢᠮ ᠬᠦᠴᠦᠨ ᠦ 《ᠲᠠᠲ᠋ᠠ ᠫᠣᠸᠧᠷ ᠰᠤᠯᠠᠷ》 ᠪᠣᠯᠤᠨ ᠲᠧᠭᠨᠣᠯᠣᠭᠢ ᠢᠢᠨ 《ᠢᠨ᠋ᠹᠣᠰᠢᠰ》 ᠺᠣᠮᠫᠠᠨᠢ ᠢᠢᠨ ᠦᠢᠯᠡ ᠠᠵᠢᠯᠯᠠᠭ᠎ᠠ ᠲᠠᠢ ᠲᠠᠨᠢᠯᠴᠠᠵᠤ᠂ ᠤᠳᠤᠷᠢᠳᠤᠯᠭ᠎ᠠ ᠨᠤᠭᠤᠳ ᠲᠠᠢ ᠨᠢ ᠠᠭᠤᠯᠵᠠᠵᠤ ᠶᠠᠷᠢᠯᠴᠠᠯ᠎ᠠ᠃
ᠰᠡᠷᠬᠦᠭᠡᠭ᠍ᠳᠡᠬᠦ ᠡᠷᠴᠢᠮ ᠬᠦᠴᠦᠨ ᠦ ᠴᠢᠭᠯᠡᠯ ᠢᠶᠡᠷ ᠦᠢᠯᠡ ᠠᠵᠢᠯᠯᠠᠭ᠎ᠠ ᠶᠠᠪᠤᠭᠤᠯᠵᠤ ᠪᠠᠢᠢᠭ᠎ᠠ ᠺᠣᠮᠫᠠᠨᠢ ᠨᠢ ᠨᠠᠷᠠᠨ ᠤ ᠡᠷᠴᠢᠮ ᠬᠦᠴᠦ ᠦᠢᠯᠡᠳᠪᠦᠷᠢᠯᠡᠯ᠂ ᠪᠠᠢᠢᠰᠢᠩ ᠤᠨ ᠳᠡᠭᠡᠪᠦᠷ ᠦᠨ ᠴᠢᠨᠠᠷᠲᠠᠢ ᠨᠠᠷᠠᠨ ᠤ ᠫᠠᠨᠧᠯ ᠦᠢᠯᠡᠳᠪᠦᠷᠢᠯᠡᠯ᠂ ᠤᠭᠰᠠᠷᠠᠯᠲᠠ ᠪᠠᠷ ᠤᠯᠤᠰ ᠲᠤ ᠪᠠᠨ ᠲᠡᠷᠢᠭᠦᠯᠡᠳᠡᠭ ᠪᠥᠭᠡᠳ ᠤᠯᠤᠰ ᠤᠨ ᠢᠶᠠᠨ 13 ᠮᠤᠵᠢ ᠳᠤ 2.7 ᠭᠢᠭᠠᠸᠠᠲ ᠬᠦᠴᠦᠨ ᠴᠢᠳᠠᠯ ᠪᠦᠬᠦᠢ ᠰᠡᠷᠬᠦᠭᠡᠭ᠍ᠳᠡᠬᠦ ᠡᠷᠴᠢᠮ ᠬᠦᠴᠦᠨ ᠦ ᠡᠬᠢ ᠡᠭᠦᠰᠪᠦᠷᠢ ᠢᠢ ᠰᠠᠭᠤᠷᠢᠯᠠᠭᠤᠯᠵᠤ᠂ 100 ᠭᠠᠷᠤᠢ ᠪᠠᠢᠢᠭᠤᠯᠤᠯᠭ᠎ᠠ ᠢᠢᠨ ᠡᠷᠴᠢᠮ ᠬᠦᠴᠦᠨ ᠦ ᠬᠡᠷᠡᠭᠴᠡᠭᠡ ᠢᠢ ᠬᠠᠩ᠋ᠭᠠᠳᠠᠭ ᠪᠠᠢᠢᠨ᠎ᠠ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ 《ᠲᠠᠲ᠋ᠠ ᠫᠣᠸᠧᠷ ᠰᠤᠯᠠᠷ》 ᠺᠣᠮᠫᠠᠨᠢ ᠢᠢᠨ ᠤᠳᠤᠷᠢᠳᠤᠯᠭ᠎ᠠ ᠨᠤᠭᠤᠳ ᠲᠠᠢ ᠠᠭᠤᠯᠵᠠᠬᠤ ᠦᠶ᠎ᠡ ᠪᠡᠷ ᠢᠶᠡᠨ ᠵᠡᠭᠦᠨ ᠬᠣᠢᠢᠳᠤ ᠠᠽᠢᠶ᠎ᠠ ᠢᠢᠨ ᠡᠷᠴᠢᠮ ᠬᠦᠴᠦᠨ ᠦ ᠰᠤᠫᠧᠷ ᠰᠦᠯᠵᠢᠶ᠎ᠡ ᠰᠠᠨᠠᠭᠠᠴᠢᠯᠠᠭ᠎ᠠ ᠪᠣᠯᠤᠭᠠᠳ ᠡᠨᠡ ᠰᠠᠨᠠᠭᠠᠴᠢᠯᠠᠭ᠎ᠠ ᠳᠤ ᠺᠣᠮᠫᠠᠨᠢ ᠶᠠᠮᠠᠷ ᠣᠷᠣᠯᠴᠠᠭ᠎ᠠ᠂ ᠬᠠᠮᠲᠤ ᠢᠢᠨ ᠠᠵᠢᠯᠯᠠᠭ᠎ᠠ ᠲᠠᠢ ᠪᠠᠢᠢᠵᠤ ᠪᠣᠯᠬᠤ ᠲᠠᠯ᠎ᠠ ᠪᠠᠷ ᠳᠡᠯᠭᠡᠷᠡᠩᠭᠦᠢ ᠶᠠᠷᠢᠯᠴᠠᠭᠰᠠᠨ ᠶᠤᠮ᠃
ᠳᠠᠷᠠᠭ᠎ᠠ ᠨᠢ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ 1981 ᠣᠨ ᠳᠤ ᠪᠠᠢᠢᠭᠤᠯᠤᠭᠳᠠᠭᠰᠠᠨ ᠨᠶᠤ ᠶᠣᠷᠺ ᠤᠨ ᠬᠥᠷᠥᠩᠭᠡ ᠢᠢᠨ ᠪᠢᠷᠵᠢ ᠳᠥ ᠪᠦᠷᠢᠳᠬᠡᠯ ᠲᠡᠢ ᠵᠥᠪᠯᠡᠭᠡ᠂ ᠮᠡᠳᠡᠭᠡᠯᠡᠯ ᠦᠨ ᠲᠧᠭᠨᠣᠯᠣᠭᠢ ᠢᠢᠨ ᠳᠡᠯᠡᠬᠡᠢ ᠢᠢᠨ ᠬᠡᠮᠵᠢᠶᠡᠨ ᠦ 228 ᠮᠢᠩ᠋ᠭ᠎ᠠ ᠭᠠᠷᠤᠢ ᠠᠵᠢᠯᠲᠠᠨ ᠲᠠᠢ 《ᠢᠨ᠋ᠹᠣᠰᠢᠰ》 ᠺᠣᠮᠫᠠᠨᠢ ᠳᠤ ᠵᠣᠴᠢᠯᠠᠵᠤ᠂ ᠬᠠᠮᠲᠤᠷᠠᠨ ᠠᠵᠢᠯᠯᠠᠬᠤ ᠠᠰᠠᠭᠤᠳᠠᠯ ᠢᠶᠠᠷ ᠰᠠᠨᠠᠯ᠂ ᠪᠣᠳᠣᠯ ᠢᠶᠠᠨ ᠰᠤᠯᠢᠯᠴᠠᠪᠠ᠃
ᠡᠨᠡ ᠺᠣᠮᠫᠠᠨᠢ ᠠᠩᠬ᠎ᠠ 250 ᠠᠮ.ᠳ᠋ᠣᠯᠯᠠᠷ ᠤᠨ ᠦᠨᠳᠦᠰᠦᠨ ᠬᠥᠷᠥᠩᠭᠡ ᠲᠡᠢ ᠪᠠᠢᠢᠭᠰᠠᠨ ᠪᠣᠯ 2019 ᠣᠨ ᠤ ᠪᠠᠢᠢᠳᠠᠯ ᠢᠶᠠᠷ 11.8 ᠲᠡᠷᠪᠤᠮ ᠠᠮᠠ.ᠳ᠋ᠣᠯᠯᠠᠷ ᠤᠨ ᠬᠥᠷᠥᠩᠭᠡ ᠲᠡᠢ ᠪᠣᠯᠵᠤ ᠥᠷᠭᠡᠵᠢᠨ ᠲᠡᠯᠡᠵᠡᠢ᠃
ᠡᠳᠦᠭᠡ ᠳᠡᠯᠡᠬᠡᠢ ᠳᠠᠶᠠᠭᠠᠷ ᠬᠡᠳᠦ᠂ ᠬᠡᠳᠦᠨ ᠬᠥᠲᠥᠯᠪᠦᠷᠢ ᠬᠡᠷᠡᠭᠵᠢᠭᠦᠯᠵᠦ ᠪᠠᠢᠢᠭ᠎ᠠ ᠪᠥᠭᠡᠳ ᠬᠥᠲᠥᠯᠪᠦᠷᠢ ᠢᠢᠨ ᠬᠦᠷᠢᠶᠡᠨ ᠳᠥ ᠮᠣᠩ᠋ᠭᠣᠯ ᠵᠠᠯᠠᠭᠤᠰ ᠢ ᠳᠡᠯᠡᠬᠡᠢ ᠢᠢᠨ ᠲᠣᠮᠣᠬᠠᠨ ᠺᠣᠮᠫᠠᠨᠢ ᠳᠤ ᠠᠵᠢᠯᠯᠠᠬᠤ ᠤᠷ᠎ᠠ ᠴᠢᠳᠠᠪᠤᠷᠢ ᠲᠠᠢ ᠪᠣᠯᠪᠠᠰᠤᠨ ᠬᠦᠴᠦᠨ ᠪᠣᠯᠭᠠᠨ ᠪᠡᠯᠡᠳᠬᠡᠬᠦ ᠠᠰᠠᠭᠤᠳᠠᠯ ᠢᠶᠠᠷ ᠰᠠᠨᠠᠯ ᠰᠣᠯᠢᠯᠴᠠᠯ᠎ᠠ᠃