ᠮᠣᠩ᠋ᠭᠣᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠺᠣᠮᠠᠨ᠋ᠳ᠋ᠯᠠᠭᠴᠢ ᠬ ∙ ᠪᠠᠲᠤᠲᠤᠯᠭ᠎ᠠ ᠴᠡᠷᠢᠭ ᠦᠨ ᠳᠡᠭᠡᠳᠦ ᠴᠣᠯᠠ ᠣᠯᠭᠣᠬᠤ ᠲᠤᠬᠠᠢ ᠵᠠᠷᠯᠢᠭ ᠭᠠᠷᠭᠠᠵᠤ᠂ ᠵᠡᠪᠰᠡᠭᠲᠦ ᠬᠦᠴᠦᠨ ᠦ ᠵᠠᠩᠵᠤᠨ ᠱᠲ᠋ᠠᠪ᠍ ᠤᠨ ᠳᠠᠷᠤᠭ᠎ᠠ᠂ ᠪᠠᠷᠢᠭᠠᠳ᠋ ᠤᠨ ᠭᠧᠨᠧᠷᠠᠯ ᠲ∙ ᠭᠠᠩᠵᠣᠷᠢᠭ ᠲᠤ ᠬᠣᠰᠢᠭᠤᠴᠢ ᠭᠧᠨᠧᠷᠠᠯ ᠴᠣᠯᠠ ᠣᠯᠭᠤᠯ᠎ᠠ᠃
ᠵᠠᠷᠯᠢᠭ ᠢ ᠲᠠᠨᠢᠯᠴᠠᠭᠤᠯᠵᠤ᠂ ᠴᠣᠯᠠ ᠣᠯᠭᠤᠬᠤ ᠶᠣᠰᠣᠯᠠᠯ ᠳᠣᠷᠣᠨᠠᠭᠣᠪᠢ ᠠᠢᠢᠮᠠᠭ ᠤᠨ ᠵᠡᠭᠦᠨᠪᠠᠶᠠᠨ ᠰᠤᠮᠤ ᠢᠢᠨ ᠨᠤᠲᠤᠭ ᠲᠤ ᠪᠣᠯᠵᠤ᠂ ᠲᠡᠮᠦᠷ ᠵᠠᠮ ᠤᠨ ᠪᠦᠲᠦᠭᠡᠨ ᠪᠠᠢᠢᠭᠤᠯᠤᠯᠲᠠ ᠢᠢᠨ ᠠᠵᠢᠯ ᠳᠤ ᠭᠠᠷ ᠪᠡᠶ᠎ᠡ ᠣᠷᠣᠯᠴᠠᠵᠤ ᠪᠤᠢ ᠴᠡᠷᠢᠭ ᠦᠨ ᠪᠠᠢᠢᠭᠤᠯᠤᠯᠭ᠎ᠠ ᠢᠢᠨ ᠠᠵᠢᠯᠲᠠᠨ᠂ ᠠᠯᠪᠠ ᠬᠠᠭᠠᠭᠴᠢᠳ ᠣᠷᠣᠯᠴᠠᠯ᠎ᠠ᠃
《ᠭᠧᠨᠧᠷᠠᠯ ᠴᠣᠯᠠ ᠢᠢ ᠵᠡᠭᠦᠨᠪᠠᠶᠠᠨ ᠳᠤ ᠣᠯᠭᠤᠭᠰᠠᠨ ᠨᠢ ᠲᠠ ᠪᠦᠬᠦᠨ ᠳᠥ ᠤᠷᠮ᠎ᠠ ᠵᠣᠷᠢᠭ ᠥᠭ᠍ᠬᠦ ᠭᠡᠰᠡᠨ ᠵᠣᠷᠢᠯᠭ᠎ᠠ ᠲᠠᠢ》 ᠬᠡᠮᠡᠨ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠲᠣᠳᠣᠳᠬᠠᠭᠠᠳ 1947-1949 ᠣᠨ ᠤ ᠦᠶ᠎ᠡ ᠳᠥ ᠵᠥᠪᠯᠡᠯᠲᠦ ᠬᠣᠯᠪᠣᠭᠠᠲᠤ ᠤᠯᠤᠰ /ᠲᠤᠬᠠᠢ ᠢᠢᠨ ᠦᠶ᠎ᠡ ᠢᠢᠨ ᠨᠡᠷ᠎ᠡ ᠪᠡᠷ/ ᠍ ᠤᠨ ᠨᠠᠤᠢᠱᠺᠢ ᠥᠷᠲᠡᠭᠡᠨ ᠡᠴᠡ ᠤᠯᠠᠭᠠᠨᠪᠠᠭᠠᠲᠤᠷ ᠬᠣᠲᠠ ᠬᠦᠷᠲᠡᠯ᠎ᠡ 400 ᠺᠢᠯᠣᠮᠧᠲ᠋ᠷ ᠲᠡᠮᠦᠷ ᠵᠠᠮ ᠢ ᠬᠣᠶᠠᠷ ᠵᠢᠯ ᠦᠨ ᠳᠣᠲᠣᠷ᠎ᠠ ᠪᠠᠷᠢᠵᠤ ᠳᠠᠭᠤᠰᠬᠠᠭᠰᠠᠨ ᠪᠠᠢᠢᠳᠠᠭ ᠲᠠᠯ᠎ᠠ ᠪᠠᠷ ᠶᠠᠷᠢᠯ᠎ᠠ᠃ ᠤᠯᠠᠮ ᠢᠶᠠᠷ 2019 ᠣᠨ ᠳᠤ ᠪᠤᠶᠤ ᠲᠧᠭᠨᠢᠭ᠂ ᠲᠧᠭᠨᠣᠯᠣᠭᠢ ᠬᠥᠭ᠍ᠵᠢᠭᠰᠡᠨ ᠥᠨᠥ ᠦᠶ᠎ᠡ ᠳᠥ ᠢᠵᠢᠯ ᠬᠡᠮᠵᠢᠶᠡᠨ ᠦ ᠵᠠᠮ ᠢ ᠪᠠᠷᠢᠵᠤ᠂ ᠪᠠᠢᠢᠭᠤᠯᠵᠤ ᠪᠠᠢᠢᠭ᠎ᠠ ᠲᠤᠯᠠ ᠲᠥᠯᠥᠪᠯᠡᠭᠰᠡᠨ ᠬᠤᠭᠤᠴᠠᠭᠠᠨ ᠳᠤ ᠨᠢ ᠪᠦᠲᠦᠭᠡᠨ ᠪᠠᠢᠢᠭᠤᠯᠤᠯᠲᠠ ᠢᠢᠨ ᠠᠵᠢᠯ ᠢᠶᠠᠨ ᠳᠠᠭᠤᠰᠬᠠᠬᠤ ᠬᠡᠷᠡᠭᠲᠡᠢ ᠭᠡᠳ ᠨᠡᠢᠢᠲᠡ ᠪᠡᠶ᠎ᠡ ᠪᠦᠷᠢᠯᠳᠦᠬᠦᠨ ᠳᠥ ᠠᠵᠢᠯ ᠤᠨ ᠠᠮᠵᠢᠯᠲᠠ ᠬᠦᠰᠡᠪᠡ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠲᠠᠪᠤᠨᠲᠣᠯᠣᠭᠠᠢ-ᠵᠡᠭᠦᠨᠪᠠᠶᠠᠨ ᠴᠢᠭᠯᠡᠯ ᠳᠥ ᠪᠠᠷᠢᠵᠤ ᠪᠤᠢ ᠲᠡᠮᠦᠷ ᠵᠠᠮ ᠤᠨ ᠲᠷᠠᠰ ᠤᠨ ᠳᠠᠭᠠᠭᠤ ᠠᠵᠢᠯ ᠤᠨ ᠶᠠᠪᠤᠴᠠ ᠲᠠᠢ ᠲᠠᠨᠢᠯᠴᠠᠵᠤ ᠪᠠᠢᠢᠨ᠎ᠠ᠃