ᠮᠣᠩᠭ᠋᠋ᠤᠯ ᠤᠯᠤᠰ ᠤᠨ ᠶᠡᠷᠦᠩᠬᠡᠢᠢᠯᠡᠭᠴᠢ ᠬᠠ᠂ ᠪᠠᠲᠤᠲᠤᠯᠭ᠎ᠠ ᠥᠨᠥᠳᠥᠷ 《ᠡᠷᠳᠡᠨᠢᠰ-ᠲᠠᠪᠤᠨᠲᠣᠯᠣᠭᠠᠢ 》ᠬᠤᠪᠢᠴᠠᠭᠠᠲᠤ ᠺᠣᠮᠫᠠᠨᠢ ᠢᠢᠨ ᠲᠥᠯᠥᠭᠡᠯᠡᠨ ᠤᠳᠤᠷᠢᠳᠬᠤ ᠵᠥᠪᠯᠡᠯ ᠦᠨ ᠳᠠᠷᠤᠭ᠎ᠠ ᠤ᠊ ∙ ᠪᠢᠮᠪᠠᠰᠦ᠋ᠷᠦᠩ᠂ ᠭᠦᠢᠴᠡᠳᠭᠡᠬᠦ ᠵᠠᠬᠢᠷᠤᠯ ᠤᠨ ᠡᠭᠦᠷᠭᠡ ᠭᠦᠢᠴᠡᠳᠬᠡᠭ᠍ᠴᠢ ᠪ ∙ ᠭᠠᠩᠬᠤᠶᠠᠭ ᠲᠡᠷᠢᠭᠦᠲᠡᠢ ᠲᠤᠰ ᠺᠣᠮᠫᠠᠨᠢ ᠢᠢᠨ ᠤᠳᠤᠷᠢᠳᠤᠯᠭ᠎ᠠ ᠨᠤᠭᠤᠳ ᠢ ᠬᠦᠯᠢᠶᠡᠨ ᠠᠪᠴᠤ ᠠᠭᠤᠯᠵᠠᠯ᠎ᠠ᠃
ᠠᠭᠤᠯᠵᠠᠯᠲᠠ ᠢᠢᠨ ᠡᠬᠢᠨ ᠳᠥ ᠮᠣᠩᠭ᠋᠋ᠤᠯ ᠤᠯᠤᠰ ᠤᠨ ᠶᠡᠷᠦᠩᠬᠡᠢᠢᠯᠡᠭᠴᠢ ᠬᠠ᠂ ᠪᠠᠲᠤᠲᠤᠯᠭ᠎ᠠ 《ᠡᠷᠳᠡᠨᠢᠰ-ᠲᠠᠪᠤᠨᠲᠣᠯᠣᠭᠠᠢ 》ᠬᠤᠪᠢᠴᠠᠭᠠᠲᠤ ᠺᠣᠮᠫᠠᠨᠢ ᠍ ᠢ ᠮᠣᠩᠭ᠋᠋ᠤᠯ ᠤᠨ ᠰᠢᠯᠢᠳᠡᠭ 100 ᠠᠵᠤ ᠠᠬᠤᠢ ᠢᠢᠨ ᠨᠢᠭᠡᠴᠡ ᠢᠢᠨ ᠬᠣᠶᠠᠳᠤᠭᠠᠷ ᠲᠤ ᠵᠢᠭ᠌ᠰᠠᠭᠰᠠᠨ ᠳᠤ ᠲᠤᠰ ᠺᠣᠮᠫᠠᠨᠢ ᠢᠢᠨ ᠤᠳᠤᠷᠢᠳᠤᠯᠭ᠎ᠠ ᠨᠤᠭᠤᠳ ᠲᠤ ᠪᠣᠯᠤᠨ ᠣᠯᠠᠨ ᠵᠠᠭᠤᠨ ᠠᠵᠢᠯᠲᠠᠨ ᠳᠤ ᠨᠢ ᠪᠠᠶᠠᠷ ᠬᠦᠷᠭᠡᠪᠡ᠃
《ᠡᠷᠳᠡᠨᠢᠰ-ᠲᠠᠪᠤᠨᠲᠣᠯᠣᠭᠠᠢ 》ᠬᠤᠪᠢᠴᠠᠭᠠᠲᠤ ᠺᠣᠮᠫᠠᠨᠢ ᠦᠨ ᠲᠥᠯᠥᠭᠡᠯᠡᠨ ᠤᠳᠤᠷᠢᠳᠬᠤ ᠵᠥᠪᠯᠡᠯ ᠦᠨ ᠳᠠᠷᠤᠭ᠎ᠠ ᠤ᠊ ∙ ᠪᠢᠮᠪᠠᠰᠦ᠋ᠷᠦᠩ ᠦᠨ ᠲᠠᠨᠢᠯᠴᠠᠭᠤᠯᠭ᠎ᠠ ᠳᠤ ᠳᠤᠷᠠᠳᠤᠭᠳᠠᠭᠰᠠᠨ ᠢᠶᠠᠷ ᠲᠤᠰ ᠺᠣᠮᠫᠠᠨᠢ ᠥᠨᠥᠳᠥᠷ ᠦᠨ ᠪᠠᠢᠢᠳᠠᠯ ᠢᠶᠠᠷ 15 ᠲᠡᠷᠪᠤᠮ ᠵᠠᠷᠯᠠᠭᠰᠠᠨ ᠬᠤᠪᠢᠴᠠᠭ᠎ᠠ ᠲᠠᠢ ᠪᠥᠭᠡᠳ 12 ᠲᠡᠷᠪᠤᠮ ᠢ ᠨᠢ ᠭᠠᠷᠭᠠᠭᠰᠠᠨ ᠪᠠᠢᠢᠨ᠎ᠠ᠃ ᠭᠠᠷᠭᠠᠭᠰᠠᠨ ᠬᠤᠪᠢᠴᠠᠭᠠᠨ ᠤ 85 ᠬᠤᠪᠢ ᠨᠢ ᠲᠥᠷᠥ ᠢᠢᠨ ᠮᠡᠳᠡᠯ ᠳᠥ᠂ 14.6 ᠬᠤᠪᠢ ᠨᠢ ᠪᠤᠶᠤ 2.5 ᠰᠠᠶ᠎ᠠ ᠭᠠᠷᠤᠢ ᠬᠤᠪᠢᠴᠠᠭ᠎ᠠ ᠢᠷᠭᠡᠳ ᠲᠥ᠂ 0.06 ᠬᠤᠪᠢ ᠨᠢ ᠠᠵᠤ ᠠᠬᠤᠢ ᠢᠢᠨ ᠨᠢᠭᠡᠴᠡ ᠪᠠᠢᠢᠭᠤᠯᠤᠯᠭ᠎ᠠ ᠳᠤ ᠪᠠᠢᠢᠭ᠎ᠠ ᠭᠡᠯᠡ᠃ ᠮᠥᠨ ᠲᠤᠰ ᠺᠣᠮᠫᠠᠨᠢ 2017 ᠣᠨ ᠤ ᠰᠠᠩᠬᠦᠦ ᠢᠢᠨ ᠵᠢᠯ ᠳᠥ 461.1 ᠲᠡᠷᠪᠤᠮ ᠲᠥᠭᠥᠷᠢᠭ᠌ ᠦᠨ ᠲᠠᠲᠠᠪᠤᠷᠢ ᠢᠢᠨ ᠳᠠᠷᠠᠭᠠᠬᠢ ᠴᠡᠪᠡᠷ ᠠᠰᠢᠭ ᠲᠠᠢ ᠠᠵᠢᠯᠯᠠᠭᠰᠠᠨ ᠪᠠᠢᠢᠨ᠎ᠠ᠃
ᠮᠥᠨ ᠲᠤᠰ ᠺᠣᠮᠫᠠᠨᠢ 2018 ᠣᠨ ᠤ ᠳᠥᠷᠪᠡᠳᠦᠭᠡᠷ ᠰᠠᠷ᠎ᠠ ᠢᠢᠨ 27 ᠍ ᠤ ᠡᠳᠦᠷ ᠬᠤᠪᠢᠴᠠᠭ᠎ᠠ ᠡᠵᠡᠮᠰᠢᠭᠴᠢᠳ ᠦᠨ ᠬᠤᠷᠠᠯ ᠢᠶᠠᠨ ᠬᠢᠵᠦ᠂ ᠨᠣᠭᠳᠠᠯ ᠠᠰᠢᠭ ᠬᠤᠪᠢᠶᠠᠷᠢᠯᠠᠬᠤ ᠦᠭᠡᠢ ᠪᠠᠢᠢᠬᠤ ᠪᠠᠷ ᠲᠣᠭᠲᠠᠵᠠᠢ᠃ ᠭᠡᠬᠦ ᠳᠥ ᠪᠡᠨ ᠨᠣᠭᠳᠠᠯ ᠠᠰᠢᠭ ᠬᠤᠪᠢᠶᠠᠷᠢᠯᠠᠬᠤ ᠲᠣᠭᠠᠴᠠᠭ᠎ᠠ ᠬᠢᠵᠦ ᠦᠵᠡᠭᠰᠡᠨ ᠪᠥᠭᠡᠳ ᠣᠳᠣ ᠢᠢᠨ ᠪᠠᠢᠢᠳᠠᠯ ᠢᠶᠠᠷ ᠢᠷᠭᠡᠳ ᠲᠥ ᠨᠣᠭᠳᠠᠵᠤ ᠪᠠᠢᠢᠭ᠎ᠠ ᠬᠤᠪᠢᠴᠠᠭ᠎ᠠ᠂ ᠺᠣᠮᠫᠠᠨᠢ ᠢᠢᠨ ᠠᠰᠢᠭ ᠵᠡᠷᠭᠡ ᠢᠢ ᠬᠠᠷᠠᠪᠠᠯ ᠨᠢᠭᠡ ᠢᠷᠭᠡᠨ ᠳᠥ 3000 ᠣᠷᠴᠢᠮ ᠲᠥᠭᠥᠷᠢᠭ᠌ ᠨᠣᠭᠳᠠᠬᠤ ᠲᠣᠭᠠᠴᠠᠭ᠎ᠠ ᠬᠢᠵᠦ ᠬᠡᠳᠦ ᠬᠡᠳᠦᠨ ᠬᠤᠪᠢᠯᠪᠤᠷᠢ ᠭᠠᠷᠭᠠᠭᠰᠠᠨ ᠪᠠᠢᠢᠨ᠎ᠠ᠃
ᠲᠡᠳᠡᠨ ᠦ ᠲᠠᠨᠢᠯᠴᠠᠭᠤᠯᠭ᠎ᠠ ᠢᠢ ᠰᠣᠨᠣᠰᠤᠭᠰᠠᠨ ᠤ ᠳᠠᠷᠠᠭ᠎ᠠ ᠮᠣᠩᠭ᠋᠋ᠤᠯ ᠤᠯᠤᠰ ᠤᠨ ᠶᠡᠷᠦᠩᠬᠡᠢᠢᠯᠡᠭᠴᠢ ᠬᠠ᠂ ᠪᠠᠲᠤᠲᠤᠯᠭ᠎ᠠ ᠥᠪᠡᠷ ᠦᠨ ᠬᠤᠪᠢᠯᠪᠤᠷᠢ ᠢᠢ ᠳᠡᠪᠰᠢᠭᠦᠯᠦᠭᠰᠡᠨ ᠪᠥᠭᠡᠳ ᠢᠷᠭᠡᠳ ᠲᠥ ᠨᠣᠭᠳᠠᠯ ᠠᠰᠢᠭ ᠬᠤᠪᠢᠶᠠᠷᠢᠯᠠᠬᠤ ᠶᠣᠰᠣᠲᠠᠢ ᠭᠡᠵᠦ ᠦᠵᠡᠵᠦ ᠪᠤᠢ ᠢᠢ ᠪᠠᠨ ᠬᠡᠯᠡᠯ᠎ᠡ᠃
ᠲᠤᠬᠠᠢᠢᠯᠠᠪᠠᠯ᠂ ᠮᠣᠩᠭ᠋᠋ᠤᠯ ᠤᠯᠤᠰ ᠤᠨ ᠶᠡᠷᠦᠩᠬᠡᠢᠢᠯᠡᠭᠴᠢ ᠬᠠ᠂ ᠪᠠᠲᠤᠲᠤᠯᠭ᠎ᠠ᠄
《ᠣᠷᠣᠨ ᠨᠤᠲᠤᠭ ᠤᠨ ᠥᠮᠴᠢᠲᠤ ᠵᠢᠵᠢᠭ 《ᠲᠠᠪᠤᠨ ᠲᠣᠯᠣᠭᠠᠢ》 ᠺᠣᠮᠫᠠᠨᠢ 90 ᠲᠡᠷᠪᠤᠮ ᠲᠥᠭᠥᠷᠢᠭ᠌ ᠦᠨ ᠨᠣᠭᠳᠠᠯ ᠠᠰᠢᠭ ᠬᠤᠪᠢᠶᠠᠷᠢᠯᠠᠭᠰᠠᠨ ᠪᠠᠢᠢᠨ᠎ᠠ᠃ ᠭᠡᠪᠡᠴᠦ 《ᠡᠷᠳᠡᠨᠢᠰ-ᠲᠠᠪᠤᠨᠲᠣᠯᠣᠭᠠᠢ》 ᠬᠤᠪᠢᠴᠠᠭᠠᠳᠤ ᠺᠣᠮᠫᠠᠨᠢ 461.1 ᠲᠡᠷᠪᠤᠮ ᠲᠥᠭᠥᠷᠢᠭ᠌ ᠦᠨ ᠲᠠᠲᠠᠪᠤᠷᠢ ᠢᠢᠨ ᠳᠠᠷᠠᠭᠠᠬᠢ ᠴᠡᠪᠡᠷ ᠠᠰᠢᠭ ᠲᠠᠢ ᠠᠵᠢᠯᠯᠠᠭᠰᠠᠨ ᠮᠥᠷᠲᠡᠯ᠎ᠡ ᠨᠣᠭᠳᠠᠯ ᠠᠰᠢᠭ ᠬᠤᠪᠢᠶᠠᠷᠢᠯᠠᠬᠤ ᠲᠠᠯ᠎ᠠ ᠳᠡᠭᠡᠷ᠎ᠡ ᠬᠣᠢᠢᠷᠭᠣ ᠬᠠᠨᠳᠤᠵᠤ ᠪᠠᠢᠢᠭᠠᠳ ᠰᠢᠭᠦᠮᠵᠢᠯᠡᠯ ᠲᠡᠢ ᠬᠠᠨᠳᠤᠵᠤ ᠪᠠᠢᠢᠭ᠎ᠠ᠃ ᠲᠠ ᠪᠦᠬᠦᠨ ᠨᠣᠭᠳᠠᠯ ᠠᠰᠢᠭ ᠣᠯᠭᠣᠬᠤ ᠬᠤᠪᠢᠯᠪᠤᠷᠢ ᠭᠠᠷᠭᠠᠭᠰᠠᠨ ᠶᠤᠮ ᠪᠠᠢᠢᠨ᠎ᠠ᠃ ᠭᠡᠬᠦ ᠳᠥ ᠪᠡᠨ ᠨᠢᠭᠡ ᠬᠦᠮᠦᠨ ᠳᠥ 3000 ᠣᠷᠴᠢᠮ ᠲᠥᠭᠥᠷᠢᠭ᠌ ᠭᠡᠵᠦ ᠪᠠᠢᠢᠨ᠎ᠠ᠃ ᠡᠢᠢᠮᠦ ᠪᠠᠢᠢᠵᠤ ᠪᠣᠯᠬᠤ ᠦᠭᠡᠢ᠃ ᠲᠡᠢᠢᠮᠦ ᠡᠴᠡ ᠪᠢ ᠴᠤ ᠭᠡᠰᠡᠨ ᠥᠪᠡᠷ ᠦᠨ ᠵᠦᠭ ᠡᠴᠡ ᠬᠤᠪᠢᠯᠪᠤᠷᠢ ᠳᠡᠪᠰᠢᠭᠦᠯᠵᠦ ᠪᠠᠢᠢᠨ᠎ᠠ᠃
ᠥᠨᠥᠳᠥᠷ ᠢᠷᠭᠡᠳ ᠲᠥ ᠬᠤᠪᠢᠴᠠᠭᠠᠨ ᠤ 14.6 ᠬᠤᠪᠢ ᠨᠢ ᠪᠠᠢᠢᠭ᠎ᠠ ᠶᠤᠮ ᠪᠠᠢᠢᠨ᠎ᠠ᠂ ᠡᠨᠡ ᠬᠤᠪᠢ ᠢᠢ ᠥᠰᠬᠡᠵᠦ 100 ᠬᠤᠪᠢ ᠪᠣᠯᠭᠠᠬᠤ ᠶᠣᠰᠣᠲᠠᠢ᠃ ᠡᠨᠡ ᠬᠠᠤᠯᠢ ᠢᠢᠨ ᠲᠥᠰᠥᠯ ᠢ ᠪᠢ ᠤᠳᠠᠬᠤ ᠦᠭᠡᠢ ᠤᠯᠤᠰ ᠤᠨ ᠶᠡᠬᠡ ᠬᠤᠷᠠᠯ ᠳᠤ ᠡᠷᠭᠦᠨ ᠪᠠᠷᠢᠨ᠎ᠠ᠃ ᠤᠯᠤᠰ ᠤᠨ ᠶᠡᠬᠡ ᠬᠤᠷᠠᠯ ᠢᠢᠠᠷ ᠡᠨᠡ ᠬᠠᠤᠯᠢ ᠢᠢ ᠪᠠᠲᠤᠯᠠᠴᠢᠬᠠ ᠶᠤᠮ ᠪᠣᠯ 3000 ᠲᠥᠭᠦᠷᠢᠭ᠌ ᠤᠨ ᠨᠣᠭᠳᠠᠯ ᠠᠰᠢᠭ ᠪᠢᠰᠢ 300 000 ᠲᠥᠭᠥᠷᠢᠭ᠌ ᠦᠨ ᠨᠣᠭᠳᠠᠯ ᠠᠰᠢᠭ ᠬᠤᠪᠢᠶᠠᠷᠢᠯᠠᠬᠤ ᠲᠤᠬᠠᠢ ᠶᠠᠷᠢᠭᠠᠳ ᠰᠠᠭᠤᠨ᠎ᠠ᠃ ᠪᠦᠬᠦ ᠢᠷᠭᠡᠳ ᠲᠥ ᠪᠡᠨ ᠡᠨᠡ ᠬᠤᠪᠢᠴᠠᠭ᠎ᠠ ᠢᠢ 100 ᠬᠤᠪᠢ ᠥᠭ᠍ᠬᠦ ᠪᠡᠷ ᠤᠯᠤᠰ ᠤᠨ ᠶᠡᠬᠡ ᠬᠤᠷᠠᠯ ᠰᠢᠢᠳᠦᠭᠰᠡᠨ ᠲᠣᠬᠢᠶᠠᠯᠳᠤᠯ ᠳᠤ ᠰᠣᠩᠭ᠋ᠣᠭᠤᠯᠢ ᠢᠢᠨ ᠦᠶ᠎ᠡ ᠳᠥ ᠨᠠᠳᠠ ᠳᠤ ᠵᠠᠬᠢᠶᠠᠰᠤ ᠳᠠᠭᠠᠭᠠᠯᠭᠠᠪᠤᠷᠢ ᠪᠣᠯᠭᠠᠵᠤ ᠥᠭᠭᠦᠭ᠍ᠰᠡᠨ ᠥᠷᠢ ᠲᠡᠭᠯᠡᠬᠦ ᠲᠤᠬᠠᠢ ᠠᠰᠠᠭᠤᠳᠠᠯ ᠯᠠ ᠭᠡᠬᠦ ᠳᠥ ᠬᠡᠳᠦᠬᠡᠨ ᠵᠢᠯ ᠦᠨ ᠨᠣᠭᠳᠠᠯ ᠠᠰᠢᠭ ᠢᠶᠠᠷ ᠰᠢᠢᠳᠦᠭᠳᠡᠬᠦ ᠪᠣᠯᠤᠮᠵᠢ ᠲᠠᠢ᠃ ᠦᠨᠳᠦᠰᠦᠨ ᠬᠠᠤᠯᠢ ᠢᠢᠨ 6.1 – ᠳᠥ ᠵᠢᠭᠠᠭᠰᠠᠨ 《ᠪᠠᠢᠢᠭᠠᠯᠢ ᠢᠢᠨ ᠪᠠᠶᠠᠯᠢᠭ ᠠᠷᠠᠳ ᠲᠦᠮᠡᠨ ᠦ ᠥᠮᠴᠢ》 ᠭᠡᠳᠡᠭ ᠵᠢᠭᠠᠯᠲᠠ ᠴᠤ ᠵᠢᠩᠬᠢᠨᠢ ᠤᠳᠬ᠎ᠠ ᠪᠠᠷ ᠢᠶᠠᠨ ᠬᠡᠷᠡᠭᠵᠢᠨ᠎ᠡ᠃
2007 ᠣᠨ ᠳᠤ ᠲᠠᠪᠤᠨᠲᠣᠯᠣᠭᠠᠢ ᠢᠢᠨ ᠣᠷᠳᠢ ᠢᠢ 100 ᠬᠤᠪᠢ ᠭᠠᠳᠠᠨ᠎ᠠ ᠢᠢᠨ ᠬᠢᠨ ᠳᠤ ᠥᠭ᠍ᠬᠦ ᠭᠡᠵᠦ ᠪᠠᠢᠢᠭᠰᠠᠨ ᠢ ᠵᠢᠭ᠌ᠰᠠᠭᠠᠯ ᠴᠤᠭᠯᠠᠭᠠᠨ ᠬᠢᠵᠦ ᠪᠠᠢᠢᠵᠤ 96 ᠬᠤᠪᠢ ᠢᠢ ᠨᠢ ᠲᠥᠷᠥ ᠢᠢᠨ ᠮᠡᠳᠡᠯ ᠳᠥ ᠠᠪᠤᠭᠤᠯᠤᠭᠰᠠᠨ᠂ ᠬᠣᠶᠠᠷ ᠲᠤ 2015 ᠣᠨ ᠳᠤ ᠵᠠᠰᠠᠭ ᠤᠨ ᠭᠠᠵᠠᠷ ᠲᠠᠪᠤᠨᠲᠣᠯᠣᠭᠠᠢ ᠢᠢ 60 ᠵᠢᠯ ᠢᠶᠡᠷ ᠥᠭᠴᠦ ᠶᠠᠪᠤᠭᠤᠯᠬᠤ ᠭᠡᠵᠦ ᠤᠯᠤᠰ ᠤᠨ ᠶᠡᠬᠡ ᠬᠤᠷᠠᠯ ᠤᠨ ᠨᠡᠷ᠎ᠡ ᠪᠦᠬᠦᠢ 40 ᠭᠡᠰᠢᠭᠦᠨ ᠬᠠᠮᠲᠤᠷᠠᠵᠤ ᠠᠪᠴᠤ ᠦᠯᠡᠳᠡᠭᠰᠡᠨ ᠰᠢᠦ᠃ ᠭᠤᠷᠪᠠᠳᠤᠭᠠᠷ ᠲᠤ᠂ ᠪᠠᠢᠢᠭᠠᠯᠢ ᠢᠢᠨ ᠪᠠᠶᠠᠯᠢᠭ ᠠᠷᠠᠳ ᠲᠦᠮᠡᠨ ᠦ ᠥᠮᠴᠢ ᠪᠠᠢᠢᠬᠤ ᠶᠣᠰᠣᠲᠠᠢ ᠭᠡᠵᠦ ᠦᠵᠡᠭᠡᠳ ᠰᠣᠩᠭ᠋ᠣᠭᠴᠢᠳ ᠤᠨ ᠣᠯᠠᠩᠬᠢ ᠨᠢ ᠨᠠᠮᠠᠢ ᠳᠡᠮᠵᠢᠭᠰᠡᠨ ᠤᠴᠢᠷ ᠠᠴᠠ ᠪᠢ ᠨᠣᠭᠳᠠᠯ ᠠᠰᠢᠭ ᠲᠠᠷᠠᠭ᠎ᠠ ᠭᠡᠵᠦ ᠬᠡᠯᠡᠵᠦ ᠪᠠᠢᠢᠭ᠎ᠠ ᠶᠤᠮ᠃ ᠲᠡᠭᠦᠨ ᠡᠴᠡ ᠪᠢᠳᠡ ᠲᠠᠨ ᠤ ᠺᠣᠮᠫᠠᠨᠢ ᠢᠢᠨ ᠠᠵᠤ ᠠᠬᠤᠢ ᠢᠢᠨ ᠦᠢᠯᠡ ᠠᠵᠢᠯᠯᠠᠭᠠᠨ ᠳᠤ ᠣᠷᠣᠯᠴᠠᠭ᠎ᠠ ᠦᠭᠡᠢ》 ᠭᠡᠰᠡᠨ ᠶᠤᠮ᠃
ᠮᠥᠨ ᠠᠭᠤᠯᠵᠠᠯᠲᠠ ᠳᠤ ᠣᠷᠣᠯᠴᠠᠭᠰᠠᠨ ᠮᠣᠩᠭ᠋᠋ᠤᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠵᠠ᠂ᠡᠩᠬᠡᠪᠣᠯᠤᠳ᠄
《ᠢᠷᠭᠡᠳ ᠰᠠᠨᠠᠯ ᠤᠨ ᠡᠷᠬᠡ ᠦᠭᠡᠢ ᠴᠤ ᠭᠡᠰᠡᠨ ᠨᠣᠭᠳᠠᠯ ᠠᠰᠢᠭ ᠠᠪᠬᠤ ᠶᠣᠰᠣᠲᠠᠢ᠃ ᠮᠣᠩᠭ᠋᠋ᠤᠯ ᠤᠯᠤᠰ ᠤᠨ ᠶᠡᠷᠦᠩᠬᠡᠢᠢᠯᠡᠭᠴᠢ ᠮᠠᠰᠢ ᠲᠣᠳᠣᠷᠬᠠᠢ ᠵᠦᠢᠯ ᠶᠠᠷᠢᠵᠤ ᠪᠠᠢᠢᠭ᠎ᠠ᠃ ᠵᠢᠵᠢᠭ ᠲᠠᠪᠤᠨᠲᠣᠯᠣᠭᠠᠢ ᠺᠣᠮᠫᠠᠨᠢ ᠥᠩᠭᠡᠷᠡᠭᠰᠡᠨ ᠵᠢᠯ ᠳᠥ 4 ᠰᠠᠶ᠎ᠠ ᠲᠣᠨ ᠨᠡᠭᠦᠷᠡᠰᠦ ᠵᠠᠷᠤᠵᠤ ᠪᠠᠢᠢᠬᠤ ᠳᠤ 《ᠡᠷᠳᠡᠨᠢᠰ ᠲᠠᠪᠤᠨᠲᠣᠯᠣᠭᠠᠢ》8᠂4 ᠰᠠᠶ᠎ᠠ ᠲᠣᠨ ᠨᠡᠭᠦᠷᠡᠰᠦ ᠵᠠᠷᠤᠭᠰᠠᠨ ᠪᠠᠢᠢᠨ᠎ᠠ᠃ ᠬᠠᠷ᠎ᠠ ᠤᠬᠠᠭᠠᠨ ᠢᠶᠠᠷ ᠪᠣᠳᠣᠬᠤ ᠳᠤ ᠠᠯᠢ ᠠᠯᠢ ᠺᠣᠮᠫᠠᠨᠢ ᠨᠢ ᠥᠷᠢ ᠦᠭᠡᠢ ᠤᠴᠢᠷ ᠠᠴᠠ ᠬᠣᠶᠠᠷ ᠳᠠᠬᠢᠨ ᠢᠯᠡᠭᠦᠦ ᠨᠡᠭᠦᠷᠡᠰᠦ ᠵᠠᠷᠤᠭᠰᠠᠨ ᠺᠣᠮᠫᠠᠨᠢ ᠬᠣᠶᠠᠷ ᠳᠠᠬᠢᠨ ᠢᠯᠡᠭᠦᠦ ᠨᠣᠭᠳᠠᠯ ᠠᠰᠢᠭ ᠬᠤᠪᠢᠶᠠᠷᠢᠯᠠᠬᠤ ᠶᠣᠰᠣᠲᠠᠢ᠃ ᠡᠨᠡ ᠺᠣᠮᠫᠠᠨᠢ ᠢᠢᠨ ᠡᠵᠡᠳ ᠪᠣᠯ ᠲᠠ ᠨᠠᠷ ᠪᠢᠰᠢ᠃ ᠦᠨᠳᠦᠰᠦᠨ ᠬᠠᠤᠯᠢ ᠢᠢᠨ ᠳᠠᠭᠠᠤ ᠡᠨᠡ ᠺᠣᠮᠫᠠᠨᠢ ᠢᠷᠭᠡᠳ ᠦᠨ ᠬᠢ᠃ ᠲᠡᠢᠢᠮᠦ ᠡᠴᠡ ᠢᠷᠭᠡᠳ ᠲᠥ ᠨᠣᠭᠳᠠᠯ ᠠᠰᠢᠭ ᠬᠤᠪᠢᠶᠠᠷᠢᠯᠠᠬᠤ ᠶᠣᠰᠣᠲᠠᠢ》 ᠭᠡᠯᠡ᠃
ᠮᠥᠨ ᠢᠷᠭᠡᠳ ᠲᠥ ᠨᠣᠭᠳᠠᠯ ᠠᠰᠢᠭ ᠲᠠᠷᠠᠭᠠᠬᠤ ᠪᠣᠯᠤᠭᠠᠳ ᠬᠤᠪᠢᠴᠠᠭ᠎ᠠ ᠢᠢ ᠨᠢ ᠨᠡᠮᠡᠭᠳᠡᠭᠦᠯᠬᠦ ᠠᠰᠠᠭᠤᠳᠠᠯ ᠢᠶᠠᠷ ᠤᠯᠤᠰ ᠤᠨ ᠶᠡᠬᠡ ᠬᠤᠷᠠᠯ ᠢᠢᠨ ᠭᠡᠰᠢᠭᠦᠨ ᠵ ∙ ᠨᠠᠷᠠᠨᠲᠤᠶᠠᠭ᠎ᠠ᠄
《ᠤᠯᠤᠰ ᠤᠨ ᠶᠡᠬᠡ ᠬᠤᠷᠠᠯ 57 ᠍ ᠳᠤᠭᠠᠷ ᠲᠣᠭᠲᠠᠭᠠᠯ ᠭᠠᠷᠭᠠᠬᠤ ᠳᠤ ᠪᠠᠨ ᠢᠷᠭᠡᠳ ᠦᠨ ᠰᠠᠨᠠᠯ ᠤᠨ ᠡᠷᠬᠡ ᠢᠢ ᠬᠠᠭᠠᠭᠠ ᠦᠭᠡᠢ᠃ ᠵᠠᠰᠠᠭ ᠤᠨ ᠭᠠᠵᠠᠷ ᠤᠨ ᠬᠡᠮᠵᠢᠶᠡᠨ ᠳᠥ ᠢᠷᠭᠡᠳ ᠦᠨ ᠰᠠᠨᠠᠯ ᠤᠨ ᠡᠷᠬᠡ ᠢᠢ ᠬᠠᠭᠠᠴᠢᠬᠠᠭᠠᠳ ᠪᠠᠢᠢᠭ᠎ᠠ᠃ ᠢᠷᠭᠡᠳ ᠲᠥ ᠲᠠᠷᠠᠭᠠᠭᠰᠠᠨ 1072 ᠬᠤᠪᠢᠴᠠᠭ᠎ᠠ ᠢᠢ ᠡᠷᠭᠢᠵᠦ᠂ ᠪᠤᠴᠠᠵᠤ ᠠᠪᠤᠭᠰᠠᠭᠠᠷ ᠥᠨᠥᠳᠥᠷ 2.5 ᠰᠠᠶ᠎ᠠ ᠬᠦᠮᠦᠨ ᠳᠥ ᠬᠤᠪᠢᠴᠠᠭ᠎ᠠ ᠪᠤᠢ᠃ ᠣᠳᠣ ᠡᠨᠡ ᠬᠤᠪᠢᠴᠠᠭ᠎ᠠ ᠢᠢ ᠰᠠᠨᠠᠯ ᠤᠨ ᠡᠷᠬᠡ ᠲᠡᠢ ᠪᠣᠯᠭᠠᠵᠤ᠂ ᠨᠣᠭᠳᠠᠯ ᠠᠰᠢᠭ ᠬᠦᠷᠲᠡᠳᠡᠭ ᠪᠣᠯᠭᠠᠬᠤ ᠠᠰᠠᠭᠤᠳᠠᠯ ᠪᠠᠢᠢᠭ᠎ᠠ᠃ ᠮᠥᠨ ᠪᠢᠳᠡ ᠢᠷᠭᠡᠳ ᠲᠥ ᠪᠠᠢᠢᠭ᠎ᠠ 14.6 ᠬᠤᠪᠢ ᠢᠢᠨ ᠬᠤᠪᠢᠴᠠᠭ᠎ᠠ ᠢᠢ ᠨᠡᠮᠡᠬᠦ ᠬᠠᠤᠯᠢ ᠢᠢᠨ ᠲᠥᠰᠥᠯ ᠪᠣᠯᠪᠠᠰᠤᠷᠠᠭᠤᠯᠵᠤ ᠪᠠᠢᠢᠭ᠎ᠠ᠃ 《ᠡᠷᠳᠡᠨᠢᠰ-ᠲᠠᠪᠤᠨᠲᠣᠯᠣᠭᠠᠢ》 ᠪᠤᠰᠤᠳ ᠺᠣᠮᠫᠠᠨᠢ ᠠᠴᠠ ᠢᠯᠭᠠᠭ᠎ᠠ ᠲᠠᠢ ᠨᠢ ᠨᠡᠢᠢᠲᠡ ᠢᠢᠨ ᠵᠣᠷᠢᠭᠤᠯᠤᠯᠲᠠ ᠲᠠᠢ ᠥᠮᠴᠢ ᠢᠢ ᠡᠵᠡᠮᠰᠢᠵᠦ ᠪᠠᠢᠢᠭ᠎ᠠ ᠺᠣᠮᠫᠠᠨᠢ᠃ ᠲᠡᠢᠢᠮᠦ ᠡᠴᠡ ᠲᠥᠷᠥ ᠢᠢᠨ ᠪᠣᠯᠤᠨ ᠣᠷᠣᠨ ᠨᠤᠲᠤᠭ ᠤᠨ ᠥᠮᠴᠢ ᠢᠢᠨ ᠲᠤᠬᠠᠢ ᠬᠠᠤᠯᠢ ᠪᠠᠷ ᠵᠣᠬᠢᠴᠠᠭᠤᠯᠬᠤ ᠪᠣᠯᠤᠮᠵᠢ ᠦᠭᠡᠢ ᠤᠴᠢᠷ ᠠᠴᠠ ᠰᠢᠨ᠎ᠡ ᠬᠠᠤᠯᠢ ᠢᠢᠨ ᠲᠥᠰᠥᠯ ᠪᠣᠯᠪᠠᠰᠤᠷᠠᠭᠤᠯᠵᠤ ᠪᠠᠢᠢᠭ᠎ᠠ ᠶᠤᠮ᠃ ᠭᠣᠣᠯ ᠠᠭᠤᠯᠭ᠎ᠠ ᠨᠢ ᠢᠷᠭᠡᠳ ᠦᠨ ᠡᠵᠡᠮᠰᠢᠵᠦ ᠪᠤᠢ 14.6 ᠬᠤᠪᠢ ᠢ ᠨᠡᠮᠡᠭᠳᠡᠭᠦᠯᠵᠦ᠂ ᠢᠷᠭᠡᠨ ᠪᠦᠷᠢ ᠳᠥ ᠨᠣᠭᠳᠠᠯ ᠠᠰᠢᠭ ᠵᠠᠪᠠᠯ ᠲᠠᠷᠠᠭᠠᠳᠠᠭ ᠪᠠᠢᠢᠬᠤ ᠳᠤ ᠴᠢᠭᠯᠡᠭᠳᠡᠵᠦ ᠪᠠᠢᠢᠭ᠎ᠠ》 ᠭᠡᠯᠡ᠃
ᠠᠭᠤᠯᠵᠠᠯᠲᠠ ᠢᠢᠨ ᠲᠡᠭᠦᠰᠬᠡᠯ ᠳᠥ ᠮᠣᠩᠭ᠋᠋ᠤᠯ ᠤᠯᠤᠰ ᠤᠨ ᠶᠡᠷᠦᠩᠬᠡᠢᠢᠯᠡᠭᠴᠢ ᠬᠠ᠂ ᠪᠠᠲᠤᠲᠤᠯᠭ᠎ᠠ 《ᠺᠣᠮᠫᠠᠨᠢ ᠢᠢᠨ ᠲᠥᠯᠥᠭᠡᠯᠡᠨ ᠤᠳᠤᠷᠢᠳᠬᠤ ᠵᠥᠪᠯᠡᠯ ᠡᠷᠬᠡ ᠮᠡᠳᠡᠯ ᠲᠡᠢ᠂ ᠡᠭᠦᠨ ᠦ ᠪᠡᠨ ᠳᠠᠭᠠᠤ ᠡᠨᠳᠡ ᠶᠠᠷᠢᠭᠳᠠᠭᠰᠠᠨ ᠬᠤᠪᠢᠯᠪᠤᠷᠢ ᠨᠤᠭᠤᠳ ᠢ ᠴᠠᠭᠠᠰᠤᠨ ᠳᠡᠭᠡᠷ᠎ᠡ ᠪᠠᠭᠤᠯᠭᠠᠭᠠᠳ᠂ ᠰᠠᠨᠠᠭᠠᠴᠢᠯᠠᠭ᠎ᠠ ᠭᠠᠷᠭᠠᠭᠰᠠᠨ ᠪᠠᠢᠢᠬᠤ ᠬᠡᠷᠡᠭᠲᠡᠢ ᠰᠢᠦ᠃ ᠨᠣᠭᠳᠠᠯ ᠠᠰᠢᠭ ᠲᠠᠷᠠᠭᠠᠬᠤ ᠠᠰᠠᠭᠤᠳᠠᠯ ᠪᠦᠷᠢᠨ ᠪᠣᠯᠤᠮᠵᠢ ᠲᠠᠢ᠃ ᠳᠣᠯᠣᠭ᠎ᠠ ᠬᠣᠨᠣᠭ ᠤᠨ ᠳᠠᠷᠠᠭ᠎ᠠ ᠨᠣᠭᠳᠠᠯ ᠠᠰᠢᠭ ᠲᠠᠷᠠᠭᠠᠬᠤ ᠬᠤᠪᠢᠯᠪᠤᠷᠢ ᠲᠠᠢ ᠠᠭᠤᠯᠵᠠᠶ᠎ᠠ》 ᠭᠡᠪᠡ᠃