Та "Internet explorer"-ийн сүүлийн хувилбар болох "Microsoft edge"-г ашиглана уу

Хэрэв "Microsoft edge"-г татах бол энд дарж татаж авна уу

ᠬ ∙ ᠪᠠᠲᠤᠲᠤᠯᠭ᠎ᠠ᠄ ᠦᠨᠳᠦᠰᠦᠨ ᠦ ᠪᠢᠴᠢᠭ ᠢᠶᠡᠨ ᠴᠠᠬᠢᠮ ᠤᠷᠴᠢᠨ ᠳᠤ ᠬᠡᠷᠡᠭᠯᠡᠬᠦ ᠴᠢᠳᠠᠪᠤᠷᠢ ᠢᠢ ᠬᠢᠴᠢᠶᠡᠯ ᠦᠨ ᠬᠥᠲᠥᠯᠪᠦᠷᠢ ᠪᠡᠷ ᠢᠶᠡᠨ ᠰᠠᠢᠢᠲᠤᠷ ᠡᠵᠡᠮᠰᠢᠬᠦ ᠢᠢ ᠤᠷᠢᠶᠠᠯᠠᠵᠤ ᠪᠠᠢᠢᠨ᠎ᠠ

ᠶᠡᠬᠡ ᠡᠵᠡᠨ ᠴᠢᠩᠭᠢᠰ ᠬᠠᠭᠠᠨ ᠤ ᠮᠡᠨᠳᠦᠯᠡᠭᠰᠡᠨ ᠮᠣᠩ᠋ᠭᠣᠯ ᠪᠠᠬᠠᠷᠬᠠᠯ ᠤᠨ ᠡᠳᠦᠷ ᠲᠥ ᠵᠣᠷᠢᠭᠤᠯᠤᠨ ᠵᠣᠬᠢᠶᠠᠵᠤ ᠪᠤᠢ ᠮᠣᠩ᠋ᠭᠣᠯ ᠤᠷᠠᠨ ᠪᠢᠴᠢᠯᠭᠡ ᠢᠢᠨ 《ᠮᠥᠩᠬᠡ ᠲᠩᠷᠢ ᠢᠢᠨ ᠪᠢᠴᠢᠭ᠌-2019》 ᠰᠤᠷᠤᠭᠴᠢᠳ ᠤᠨ ᠪᠦᠲᠦᠭᠡᠯ ᠦᠨ ᠦᠵᠡᠰᠬᠦᠯᠡᠩ ᠦᠨ ᠨᠡᠭᠡᠭᠡᠯᠲᠡ ᠥᠨᠥᠳᠥᠷ ᠮᠣᠩ᠋ᠭᠣᠯ  ᠤᠨ ᠬᠡᠦᠬᠡᠳ ᠦᠨ ᠤᠷᠠᠯᠠᠨ ᠪᠦᠲᠦᠭᠡᠬᠦ ᠲᠥᠪ ᠦᠨ 《ᠣᠷᠳᠣ》 ᠦᠵᠡᠰᠬᠦᠯᠡᠩ ᠦᠨ ᠲᠠᠩᠬᠢᠮ ᠳᠤ ᠪᠣᠯᠤᠯ᠎ᠠ᠃

2011 ᠣᠨ ᠠᠴᠠ ᠤᠯᠠᠮᠵᠢᠯᠠᠯ ᠪᠣᠯᠭᠠᠨ 8 ᠳᠠᠬᠢ ᠵᠢᠯ ᠳᠥ ᠪᠡᠨ᠂ ᠰᠤᠷᠤᠭᠴᠢᠳ ᠤᠨ ᠪᠦᠲᠦᠭᠡᠯ ᠦᠨ ᠦᠵᠡᠰᠬᠦᠯᠡᠩ ᠬᠡᠯᠪᠡᠷᠢ ᠪᠡᠷ ᠭᠤᠷᠪᠠ ᠳᠠᠬᠢ ᠵᠢᠯ ᠳᠥ ᠪᠡᠨ ᠪᠣᠯᠵᠤ ᠪᠤᠢ 《ᠮᠥᠩᠬᠡ ᠲᠩᠷᠢ ᠢᠢᠨ ᠪᠢᠴᠢᠭ᠌》 ᠦᠵᠡᠰᠬᠦᠯᠡᠩ ᠦᠨ ᠨᠡᠭᠡᠭᠡᠯᠲᠡ ᠳᠥ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠣᠷᠣᠯᠴᠠᠨ ᠦᠭᠡ ᠬᠡᠯᠡᠵᠦ᠂ ᠰᠢᠯᠭᠠᠷᠠᠭᠰᠠᠨ ᠰᠢᠯᠢᠳᠡᠭ ᠪᠦᠲᠦᠭᠡᠯ ᠦᠨ ᠡᠵᠡᠳ ᠲᠥ ᠱᠠᠩᠨᠠᠯ ᠭᠠᠷᠳᠠᠭᠤᠯᠤᠯ᠎ᠠ᠃

《ᠮᠥᠩᠬᠡ ᠲᠩᠷᠢ ᠢᠢᠨ ᠪᠢᠴᠢᠭ᠌-2019》 ᠦᠵᠡᠰᠬᠦᠯᠡᠩ ᠳᠥ ᠨᠡᠢᠢᠲᠡ 310 ᠭᠠᠷᠤᠢ ᠰᠤᠷᠤᠭᠴᠢ 220 ᠣᠷᠴᠢᠮ ᠪᠦᠲᠦᠭᠡᠯ ᠳᠡᠯᠭᠡᠵᠡᠢ᠃ ᠦᠵᠡᠰᠬᠦᠯᠡᠩ 2019 ᠣᠨ ᠤ 11  ᠳᠦᠭᠡᠷ ᠰᠠᠷ᠎ᠠ ᠢᠢᠨ 25 ᠍ ᠠᠴᠠ 12 ᠳ᠋ᠤᠭᠠᠷ ᠰᠠᠷ᠎ᠠ ᠢᠢᠨ 09 ᠍ ᠦ ᠡᠳᠦᠷ ᠬᠦᠷᠲᠡᠯ᠎ᠡ ᠦᠷᠭᠦᠯᠵᠢᠯᠡᠨ᠎ᠡ᠃

ᠦᠵᠡᠰᠬᠦᠯᠡᠩ ᠢ ᠨᠡᠭᠡᠭᠡᠵᠥ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠄
《ᠰᠤᠷᠤᠭᠴᠢ ᠪᠠᠭᠠᠴᠤᠳ ᠠ᠋᠂
ᠮᠣᠩ᠋ᠭᠣᠯ ᠪᠢᠴᠢᠭ᠌ᠲᠡᠨ ᠬᠡᠦᠬᠡᠳ ᠦᠳ ᠡ᠂

ᠮᠣᠩ᠋ᠭᠣᠯ ᠬᠡᠯᠡᠨ ᠦ ᠲᠤᠬᠠᠢ ᠬᠠᠤᠯᠢ ᠢᠢᠨ ᠳᠠᠭᠠᠭᠤ 2025 ᠣᠨ ᠠᠴᠠ ᠮᠣᠩ᠋ᠭᠣᠯ ᠤᠯᠤᠰ ᠠᠯᠪᠠᠨ ᠬᠡᠷᠡᠭ ᠢᠶᠡᠨ ᠦᠨᠳᠦᠰᠦᠨ ᠦ ᠪᠣᠯᠤᠨ ᠺᠢᠷᠢᠯ ᠪᠢᠴᠢᠭ᠌ ᠢᠶᠡᠷ ᠬᠥᠲᠥᠯᠵᠦ᠂ ᠬᠣᠣᠰ ᠪᠢᠴᠢᠭ᠌ ᠲᠥ ᠰᠢᠯᠵᠢᠨ᠎ᠡ᠃ ᠡᠭᠦᠨ ᠦ ᠪᠡᠯᠡᠳᠬᠡᠯ ᠪᠣᠯᠭᠠᠵᠤ᠂ ᠮᠣᠩ᠋ᠭᠣᠯ ᠤᠯᠤᠰ ᠤᠨ ᠶᠡᠷᠦᠩᠬᠡᠢᠢᠯᠡᠭᠴᠢ ᠮᠢᠨᠦ ᠪᠡᠶ᠎ᠡ ᠬᠡᠦᠬᠡᠳ ᠦᠳ ᠲᠠ ᠨᠠᠷ ᠤᠨ ᠠᠳᠠᠯᠢ ᠦᠨᠳᠦᠰᠦᠨ ᠦ ᠪᠢᠴᠢᠭ᠌ ᠲᠥ ᠪᠡᠨ ᠰᠢᠮᠳᠠᠨ ᠰᠤᠷᠤᠯᠴᠠᠵᠤ ᠪᠠᠢᠢᠨ᠎ᠠ᠃ ᠲᠡᠭᠦᠨᠴᠢᠯᠡᠨ ᠮᠣᠩ᠋ᠭᠣᠯ ᠤᠯᠤᠰ ᠤᠨ ᠲᠥᠷᠥ ᠢᠢᠨ ᠥᠨᠳᠥᠷ ᠠᠯᠪᠠᠨ ᠲᠤᠰᠢᠶᠠᠯᠲᠠ ᠨᠤᠭᠤᠳ ᠠᠴᠠ ᠭᠠᠳᠠᠭᠠᠳᠤ ᠤᠯᠤᠰ ᠤᠷᠤᠭᠤ ᠶᠠᠪᠤᠭᠤᠯᠵᠤ ᠪᠠᠢᠢᠭ᠎ᠠ ᠠᠯᠪᠠᠨ ᠪᠢᠴᠢᠭ᠌᠂ ᠵᠠᠬᠢᠳᠠᠯ ᠤᠳ ᠪᠦᠭᠦᠳᠡ ᠮᠣᠩ᠋ᠭᠣᠯ ᠪᠢᠴᠢᠭ᠌ ᠢᠶᠡᠷ ᠶᠠᠪᠤᠵᠤ ᠪᠠᠢᠢᠭ᠎ᠠ᠃

ᠥᠭᠡᠷ᠎ᠡ ᠪᠡᠷ ᠬᠡᠯᠡᠪᠡᠯ᠂ ᠮᠣᠩ᠋ᠭᠣᠯ ᠤᠯᠤᠰ ᠢ ᠲᠥᠯᠥᠭᠡᠯᠡᠬᠦ ᠭᠠᠳᠠᠭᠠᠳᠤ ᠬᠠᠷᠢᠯᠴᠠᠭ᠎ᠠ ᠢᠢ ᠦᠨᠳᠦᠰᠦᠨ ᠦ ᠪᠢᠴᠢᠭ᠌ ᠢᠶᠡᠷ ᠢᠶᠡᠨ ᠶᠠᠪᠤᠭᠤᠯᠵᠤ ᠪᠠᠢᠢᠭ᠎ᠠ ᠶᠤᠮ᠃ ᠶᠡᠬᠡ ᠡᠵᠡᠨ ᠴᠢᠩᠭᠢᠰ ᠬᠠᠭᠠᠨ᠂ ᠲᠡᠭᠦᠨ ᠢ ᠵᠠᠯᠭᠠᠮᠵᠢᠯᠠᠭᠴᠢᠳ᠂ ᠮᠣᠩ᠋ᠭᠣᠯ  ᠤᠨ ᠡᠵᠡᠨᠲᠦ ᠭᠦᠷᠦᠨ ᠦ ᠦᠶ᠎ᠡ ᠳᠥ ᠮᠣᠩ᠋ᠭᠣᠯ ᠪᠢᠴᠢᠭ᠌ ᠮᠠᠨᠢ ᠳᠡᠯᠡᠬᠡᠢ ᠢᠢᠨ ᠥᠨᠴᠥᠭ ᠪᠤᠯᠤᠩ ᠪᠦᠷᠢ ᠳᠥ ᠬᠦᠷᠴᠦ ᠬᠠᠭᠠᠨ ᠤ ᠵᠠᠷᠯᠢᠭ᠂ ᠮᠣᠩ᠋ᠭᠣᠯ  ᠤᠨ ᠡᠵᠡᠨᠲᠦ ᠭᠦᠷᠦᠨ ᠦ ᠲᠥᠷᠥ ᠢᠢᠨ ᠬᠡᠷᠡᠭ ᠢ ᠲᠥᠯᠥᠭᠡᠯᠡᠨ ᠵᠠᠯᠭᠠᠭᠤᠯᠵᠤ ᠪᠠᠢᠢᠭᠰᠠᠨ᠃ ᠲᠡᠭᠦᠨ ᠯᠦᠭᠡ ᠠᠳᠠᠯᠢ ᠡᠵᠡᠨ ᠴᠢᠩᠭᠢᠰ ᠬᠠᠭᠠᠨ ᠤ ᠦᠷ᠎ᠡ ᠬᠣᠢᠢᠴᠢᠰ᠂ ᠶᠡᠬᠡ ᠮᠣᠩ᠋ᠭᠣᠯ ᠤᠯᠤᠰ ᠤᠨ ᠵᠠᠯᠭᠠᠮᠵᠢ ᠬᠠᠯᠠᠭ᠎ᠠ ᠪᠣᠯᠤᠭᠰᠠᠨ ᠥᠨᠥ ᠢᠢᠨ ᠮᠣᠩ᠋ᠭᠣᠯᠴᠤᠳ ᠪᠢᠳᠡ ᠭᠠᠳᠠᠭᠠᠳᠤ ᠬᠠᠷᠢᠯᠴᠠᠭ᠎ᠠ ᠪᠠᠨ ᠬᠦᠴᠦᠷᠬᠡᠭ᠌ ᠳᠡᠭᠡᠳᠦᠰ ᠦᠨ ᠤᠯᠪᠠᠭ᠎ᠠ ᠪᠠᠷ ᠦᠷᠭᠦᠯᠵᠢᠯᠡᠭᠦᠯᠦᠨ ᠶᠠᠪᠤᠭᠤᠯᠵᠤ ᠪᠠᠢᠢᠭ᠎ᠠ ᠪᠠᠨ ᠢᠯᠡᠳᠬᠡᠵᠦ ᠪᠠᠢᠢᠭ᠎ᠠ ᠬᠡᠷᠡᠭ ᠮᠥᠨ᠃

ᠡᠭᠦᠨ ᠦ ᠵᠡᠷᠭᠡᠴᠡᠭᠡ ᠳᠣᠲᠣᠭᠠᠳᠤ ᠳᠤ ᠦᠨᠳᠦᠰᠦᠨ ᠦ ᠪᠢᠴᠢᠭ᠌ ᠰᠤᠶᠤᠯ ᠤᠨ ᠢᠶᠠᠨ ᠬᠡᠷᠡᠭᠯᠡᠭᠡ ᠢᠢ ᠨᠡᠮᠡᠭᠳᠡᠭᠦᠯᠬᠦ ᠨᠢ ᠲᠡᠭᠦᠨ ᠡᠴᠡ ᠴᠤ ᠢᠯᠡᠭᠦᠦ ᠴᠢᠬᠤᠯᠠ᠃ ᠶᠡᠷᠦ ᠨᠢ ᠲᠤᠬᠠᠢ ᠢᠢᠨ ᠤᠯᠤᠰ ᠤᠨ ᠢᠷᠭᠡᠳ᠂ ᠬᠡᠦᠬᠡᠳ ᠪᠠᠭᠠᠴᠤᠳ ᠦᠨᠳᠦᠰᠦᠨ ᠦ ᠥᠪ ᠰᠤᠶᠤᠯ᠂ ᠲᠡᠦᠬᠡ ᠤᠯᠠᠮᠵᠢᠯᠠᠯ ᠳᠤ ᠪᠠᠨ ᠰᠤᠷᠤᠯᠴᠠᠬᠤ᠂ ᠭᠦᠨ ᠪᠠᠲᠤ ᠲᠠᠨᠢᠨ ᠮᠡᠳᠡᠬᠦ ᠶᠠᠪᠤᠳᠠᠯ ᠪᠣᠯ ᠣᠷᠣᠰᠢᠨ ᠲᠣᠭᠲᠠᠨᠢᠬᠤᠢ ᠬᠢᠭᠡᠳ ᠣᠶᠤᠨ ᠰᠠᠨᠠᠭᠠᠨ ᠤ ᠠᠮᠢᠨ ᠴᠢᠬᠤᠯᠠ ᠳᠠᠷᠬᠠᠯᠠᠭ᠎ᠠ ᠪᠣᠯᠳᠠᠭ᠃

ᠡᠢᠢᠮᠦ ᠤᠴᠢᠷ ᠠᠴᠠ ᠪᠢᠳᠡ ᠮᠣᠩ᠋ᠭᠣᠯ ᠤᠷᠠᠨ ᠪᠢᠴᠢᠯᠭᠡ ᠢᠢᠨ 《ᠮᠥᠩᠬᠡ ᠲᠩᠷᠢ ᠢᠢᠨ ᠪᠢᠴᠢᠭ᠌》 ᠤᠯᠠᠮᠵᠢᠯᠠᠯᠲᠤ ᠦᠵᠡᠰᠬᠦᠯᠡᠩ ᠢ ᠰᠤᠷᠤᠭᠴᠢᠳ ᠤᠨ ᠳᠤᠮᠳᠠ ᠰᠡᠭᠦᠯ ᠦᠨ 3 ᠵᠢᠯ ᠦᠨ ᠲᠤᠷᠰᠢ ᠲᠠᠰᠤᠷᠠᠯᠲᠠ ᠦᠭᠡᠢ ᠵᠣᠬᠢᠶᠠᠨ ᠪᠠᠢᠢᠭᠤᠯᠵᠤ᠂ ᠰᠤᠷᠤᠭᠴᠢ ᠪᠠᠭᠠᠴᠤᠳ ᠢᠶᠠᠨ ᠥᠷᠭᠡᠨ ᠢᠶᠡᠷ ᠬᠠᠮᠤᠷᠤᠭᠤᠯᠬᠤ᠂ ᠤᠷᠮᠠᠰᠢᠭᠤᠯᠬᠤ ᠠᠵᠢᠯ ᠢ ᠬᠢᠵᠦ ᠬᠡᠪᠰᠢᠭᠡᠳ ᠪᠠᠢᠢᠨ᠎ᠠ᠃ ᠥᠨᠥ ᠵᠢᠯ ᠦᠨ ᠦᠵᠡᠰᠬᠦᠯᠡᠩ ᠳᠥ 310 ᠣᠷᠴᠢᠮ ᠰᠤᠷᠤᠭᠴᠢ 220 ᠭᠠᠷᠤᠢ ᠪᠦᠲᠦᠭᠡᠯ ᠢᠶᠡᠷ ᠣᠷᠣᠯᠴᠠᠵᠤ᠂ ᠦᠵᠡᠰᠬᠦᠯᠡᠩ ᠦᠨ ᠴᠠᠷ᠎ᠠ ᠬᠦᠷᠢᠶ᠎ᠡ ᠤᠯᠠᠮ ᠥᠷᠭᠡᠵᠢᠵᠡᠢ᠃ ᠴᠢᠨᠠᠭᠰᠢᠳᠠ ᠴᠤ ᠡᠨᠡ ᠦᠵᠡᠰᠬᠦᠯᠡᠩ ᠬᠡᠯᠪᠡᠷᠢ᠂ ᠠᠭᠤᠯᠭ᠎ᠠ ᠢᠢᠨ ᠬᠤᠪᠢ ᠳᠤ ᠥᠷᠭᠡᠵᠢᠨ ᠰᠢᠨᠡᠴᠢᠯᠡᠭᠳᠡᠵᠦ᠂ ᠦᠷᠭᠦᠯᠵᠢᠯᠡᠭᠰᠡᠭᠡᠷ ᠪᠠᠢᠢᠬᠤ ᠪᠣᠯᠤᠨ᠎ᠠ᠃ ᠤᠴᠢᠷ ᠨᠢ ᠡᠨᠡ ᠪᠣᠯ ᠪᠢᠳᠡ ᠡᠬᠡ ᠣᠷᠣᠨᠴᠢ᠂ ᠦᠨᠳᠦᠰᠦᠨ ᠦ ᠦᠵᠡᠯ ᠤᠬᠠᠮᠰᠠᠷ ᠲᠠᠢ ᠢᠷᠡᠭᠡᠳᠦᠢ ᠬᠣᠢᠢᠴᠢ ᠦᠶ᠎ᠡ᠂ ᠡᠬᠡ ᠣᠷᠣᠨ ᠤ ᠪᠠᠨ ᠪᠠᠬᠠᠷᠬᠠᠯᠳᠤ ᠢᠷᠭᠡᠳ ᠢ ᠪᠡᠯᠡᠳᠬᠡᠬᠦ ᠦᠢᠯᠡᠰ ᠪᠢᠯᠡ᠃

ᠡᠨᠡ ᠦᠵᠡᠰᠬᠦᠯᠡᠩ ᠡᠴᠡ ᠰᠢᠯᠭᠠᠷᠠᠭᠰᠠᠨ ᠰᠤᠷᠤᠭᠴᠢᠳ ᠤᠨ ᠪᠦᠲᠦᠭᠡᠯ ᠮᠣᠩ᠋ᠭᠣᠯ ᠤᠯᠤᠰ ᠤᠨ ᠶᠡᠷᠦᠩᠬᠡᠢᠢᠯᠡᠭᠴᠢ ᠡᠴᠡ ᠭᠠᠳᠠᠭᠠᠳᠤ ᠤᠯᠤᠰ ᠤᠨ ᠲᠥᠷᠥ ᠢᠢᠨ ᠲᠡᠷᠢᠭᠦᠨ ᠨᠦᠭᠦᠳ᠂ ᠥᠨᠳᠥᠷ ᠳᠡᠭᠡᠳᠦ ᠵᠣᠴᠢᠳ ᠲᠤ ᠥᠭ᠍ᠬᠦ ᠭᠠᠷ ᠤᠨ ᠪᠡᠯᠡᠭ ᠪᠣᠯᠤᠨ ᠣᠴᠢᠳᠠᠭ ᠪᠣᠯᠬᠤ ᠢᠢ ᠡᠨᠡ ᠢᠯᠳᠠᠮ ᠳᠤ ᠰᠤᠷᠤᠭᠴᠢᠳ ᠲᠤ ᠪᠠᠨ ᠳᠠᠭᠤᠯᠭᠠᠬᠤ ᠳᠤ ᠲᠠᠭᠠᠲᠠᠢ ᠪᠠᠢᠢᠨ᠎ᠠ᠃

ᠥᠩᠭᠡᠷᠡᠭᠰᠡᠨ ᠵᠢᠯ ᠦᠨ ᠦᠨᠳᠦᠰᠦᠨ ᠦ ᠪᠢᠴᠢᠭ᠌ ᠦᠰᠦᠭ ᠦᠨ ᠪᠠᠶᠠᠷ ᠢᠶᠠᠷ ᠮᠢᠨᠦ ᠪᠡᠶ᠎ᠡ ᠵᠠᠷᠯᠢᠭ ᠭᠠᠷᠭᠠᠵᠤ᠂ ᠮᠣᠩ᠋ᠭᠣᠯ ᠪᠢᠴᠢᠭ᠌ ᠦᠨ ᠴᠠᠬᠢᠮ ᠬᠡᠷᠡᠭᠯᠡᠭᠡ ᠢᠢ ᠨᠡᠮᠡᠭᠳᠡᠭᠦᠯᠬᠦ᠂ ᠮᠣᠩ᠋ᠭᠣᠯ ᠪᠢᠴᠢᠭ᠌ ᠦᠨ ᠳᠤᠮᠳᠠ ᠪᠣᠯᠤᠨ ᠤᠷᠲᠤ ᠬᠤᠭᠤᠴᠠᠭᠠᠨ ᠤ ᠦᠨᠳᠦᠰᠦᠨ ᠦ ᠬᠥᠲᠥᠯᠪᠦᠷᠢ ᠢᠢ ᠪᠣᠯᠪᠠᠰᠤᠷᠠᠭᠤᠯᠤᠨ ᠬᠡᠷᠡᠭᠵᠢᠭᠦᠯᠬᠦ᠂ ᠮᠣᠩ᠋ᠭᠣᠯ ᠪᠢᠴᠢᠭ᠌ ᠦᠨ ᠲᠥᠷᠦᠯᠵᠢᠭᠰᠡᠨ ᠤᠯᠤᠰ ᠤᠨ ᠣᠯᠢᠮᠫᠢᠶᠠᠳ᠋ ᠵᠣᠬᠢᠶᠠᠨ ᠪᠠᠢᠢᠭᠤᠯᠵᠤ ᠬᠡᠪᠰᠢᠬᠦ ᠢᠢ ᠪᠣᠯᠪᠠᠰᠤᠷᠠᠯ ᠤᠨ ᠶᠠᠮᠤᠨ ᠳᠤ ᠡᠭᠦᠷᠭᠡ ᠪᠣᠯᠭᠠᠭᠰᠠᠨ᠃ ᠤᠳᠠᠬᠤ ᠦᠭᠡᠢ ᠡᠨᠡ ᠬᠢᠴᠢᠶᠡᠯ ᠦᠨ ᠵᠢᠯ ᠳᠥ ᠪᠡᠨ ᠪᠠᠭᠲᠠᠭᠠᠭᠠᠳ ᠬᠡᠦᠬᠡᠳ ᠪᠠᠭᠠᠴᠤᠳ ᠲᠠ ᠨᠠᠷ ᠤᠨ ᠳᠤᠷᠠᠲᠠᠢ ᠦᠨᠳᠦᠰᠦᠨ ᠦ ᠪᠢᠴᠢᠭ᠌ ᠦᠨ ᠲᠥᠷᠥᠯ ᠢᠶᠡᠷ ᠤᠯᠤᠰ ᠤᠨ ᠣᠯᠢᠮᠫᠢᠶᠠᠳ᠋ ᠵᠣᠬᠢᠶᠠᠨ ᠪᠠᠢᠢᠭᠤᠯᠤᠭᠳᠠᠨ᠎ᠠ ᠭᠡᠵᠦ ᠨᠠᠢᠢᠳᠠᠵᠤ ᠪᠠᠢᠢᠨ᠎ᠠ᠃ ᠮᠥᠨ ᠪᠣᠯᠪᠠᠰᠤᠷᠠᠯ ᠤᠨ ᠶᠠᠮᠤᠨ ᠠᠴᠠ ᠡᠨᠡ ᠦᠵᠡᠰᠬᠦᠯᠡᠩ ᠳᠥ ᠰᠢᠯᠭᠠᠷᠠᠭᠰᠠᠨ ᠰᠤᠷᠤᠭᠴᠢᠳ ᠤᠨ ᠪᠦᠲᠦᠭᠡᠯ ᠢ ᠨᠡᠢᠢᠲᠡ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠨᠤᠭᠤᠳ ᠢᠶᠠᠷ ᠠᠶᠠᠯᠠᠭᠤᠯᠵᠤ᠂ ᠦᠶ᠎ᠡ ᠢᠢᠨ ᠨᠠᠢᠢᠵᠠ ᠨᠤᠭᠤᠳ᠂ ᠠᠬ᠎ᠠ ᠡᠭᠡᠴᠢ᠂ ᠳᠡᠭᠦᠦ ᠨᠠᠷ ᠨᠢ ᠦᠨᠳᠦᠰᠦᠨ ᠦ ᠪᠢᠴᠢᠭ᠌ ᠲᠥ ᠪᠡᠨ ᠡᠢᠢᠮᠦ ᠦᠯᠢᠭᠡᠷ ᠵᠢᠱᠢᠶ᠎ᠡ ᠰᠤᠷᠤᠯᠴᠠᠵᠤ᠂ ᠪᠢᠴᠢᠵᠦ᠂ ᠪᠦᠲᠦᠭᠡᠵᠦ ᠲᠤᠭᠤᠷᠪᠢᠵᠤ ᠪᠠᠢᠢᠭ᠎ᠠ ᠢᠢ ᠦᠵᠡᠭᠦᠯᠦᠨ ᠲᠠᠨᠢᠭᠤᠯᠵᠤ᠂ ᠰᠤᠷᠲᠠᠯᠴᠢᠯᠠᠬᠤ ᠨᠢ ᠵᠦᠢᠲᠡᠢ᠃ ᠣᠷᠴᠢᠨ ᠦᠶ᠎ᠡ ᠪᠣᠯ ᠴᠠᠬᠢᠮ ᠬᠥᠭ᠍ᠵᠢᠯ ᠦᠨ ᠡᠷᠡᠨ ᠦᠶ᠎ᠡ ᠲᠤᠯᠠ ᠰᠤᠷᠤᠭᠴᠢᠳ ᠮᠠᠨᠢ ᠦᠨᠳᠦᠰᠦᠨ ᠦ ᠪᠢᠴᠢᠭ᠌ ᠢᠶᠡᠨ ᠴᠠᠬᠢᠮ ᠤᠷᠴᠢᠨ ᠳᠤ ᠬᠡᠷᠡᠭᠯᠡᠬᠦ ᠴᠢᠳᠠᠪᠤᠷᠢ ᠢᠢ ᠬᠢᠴᠢᠶᠡᠯ ᠦᠨ ᠬᠥᠲᠥᠯᠪᠦᠷᠢ ᠪᠡᠷ ᠢᠶᠡᠨ ᠰᠠᠢᠢᠲᠤᠷ ᠡᠵᠡᠮᠰᠢᠬᠦ ᠢᠢ ᠤᠷᠢᠶᠠᠯᠠᠵᠤ᠂ ᠠᠮᠢᠨᠴᠢᠯᠠᠨ ᠵᠠᠬᠢᠵᠤ ᠬᠡᠯᠡᠶ᠎ᠡ᠃ ᠢᠩᠭᠢᠵᠦ ᠪᠠᠢᠢᠵᠤ ᠦᠨᠳᠦᠰᠦᠨ ᠦ ᠪᠢᠴᠢᠭ᠌ ᠦᠰᠦᠭ ᠦᠨ ᠮᠠᠨᠢ ᠢᠷᠡᠭᠡᠳᠦᠢ ᠪᠠᠲᠤᠵᠢᠬᠤ ᠪᠣᠯᠤᠨ᠎ᠠ᠃

ᠢᠩᠭᠢᠭᠡᠳ ᠶᠡᠬᠡ ᠡᠵᠡᠨ ᠴᠢᠩᠭᠢᠰ ᠬᠠᠭᠠᠨ ᠤ ᠮᠡᠨᠳᠦᠯᠡᠭᠰᠡᠨ ᠮᠣᠩ᠋ᠭᠣᠯ ᠪᠠᠬᠠᠷᠬᠠᠯ ᠤᠨ ᠡᠳᠦᠷ ᠲᠥ ᠵᠣᠷᠢᠭᠤᠯᠤᠨ ᠤᠯᠠᠮᠵᠢᠯᠠᠯ ᠪᠣᠯᠭᠠᠨ ᠵᠣᠬᠢᠶᠠᠵᠤ ᠪᠤᠢ 《ᠮᠥᠩᠬᠡ ᠲᠩᠷᠢ ᠢᠢᠨ ᠪᠢᠴᠢᠭ᠌-2019》 ᠮᠣᠩ᠋ᠭᠣᠯ ᠤᠷᠠᠨ ᠪᠢᠴᠢᠯᠭᠡ ᠢᠢᠨ ᠦᠵᠡᠰᠬᠦᠯᠡᠩ ᠳᠥ ᠣᠷᠣᠯᠴᠠᠵᠤ ᠪᠠᠢᠢᠭ᠎ᠠ ᠪᠦᠬᠦ ᠬᠡᠦᠬᠡᠳ ᠦᠳ᠂ ᠤᠷᠠᠨ ᠪᠢᠴᠢᠭᠡᠴᠢ᠂ ᠮᠣᠩ᠋ᠭᠣᠯ ᠪᠢᠴᠢᠭᠲᠡᠨ ᠪᠠᠭᠠᠴᠤᠳ ᠲᠤ ᠪᠠᠨ ᠭᠦᠨ ᠲᠠᠯᠠᠷᠬᠠᠯ ᠢᠯᠡᠷᠬᠡᠢᠢᠯᠡᠵᠦ᠂ ᠬᠠᠯᠠᠭᠤᠨ ᠪᠠᠶᠠᠷ ᠬᠦᠷᠭᠡᠶ᠎ᠡ᠃

ᠮᠥᠩᠬᠡ ᠲᠩᠷᠢ ᠢᠢᠨ ᠢᠪᠡᠭᠡᠯ ᠢᠶᠡᠷ ᠮᠣᠩ᠋ᠭᠣᠯ ᠪᠢᠴᠢᠭ᠌᠂ ᠦᠨᠳᠦᠰᠦᠨ ᠦ ᠰᠤᠶᠤᠯ ᠮᠠᠨᠢ ᠠᠰᠢᠳᠠ ᠳᠡᠯᠭᠡᠷᠡᠨ ᠳᠡᠪᠵᠢᠬᠦ ᠪᠣᠯᠲᠤᠭᠠᠢ» ᠭᠡᠯ᠎ᠡ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠦᠭᠡ ᠬᠡᠯᠡᠭᠰᠡᠨ ᠦ ᠪᠡᠨ ᠳᠠᠷᠠᠭ᠎ᠠ ᠦᠵᠡᠰᠬᠦᠯᠡᠩ ᠦᠨ ᠪᠦᠲᠦᠭᠡᠯ ᠦᠳ ᠲᠡᠢ ᠲᠠᠨᠢᠯᠴᠠᠵᠤ᠂ ᠨᠠᠰᠤ ᠨᠠᠰᠤᠨ ᠤ ᠠᠩᠭᠢᠯᠠᠯ ᠳᠤ ᠰᠢᠯᠭᠠᠷᠠᠭᠰᠠᠨ ᠰᠤᠷᠤᠭᠴᠢᠳ ᠲᠤ ᠱᠠᠩᠨᠠᠯ ᠭᠠᠷᠳᠠᠭᠤᠯᠤᠯ᠎ᠠ᠃ ᠮᠥᠨ ᠬᠡᠦᠬᠡᠳ ᠦᠨ ᠤᠷᠠᠯᠠᠨ ᠪᠦᠲᠦᠭᠡᠬᠦ ᠲᠥᠪ ᠦᠨ ᠵᠢᠷᠤᠭ ᠤᠨ ᠳᠤᠭᠤᠢᠢᠯᠠᠩ ᠤᠨ ᠳᠤᠮᠳᠠ ᠠᠩᠬᠢ ᠢᠢᠨ ᠰᠤᠷᠤᠭᠴᠢᠳ ᠤᠨ ᠠᠩᠭᠢ ᠪᠠᠷ ᠵᠣᠴᠢᠯᠠᠵᠤ᠂ ᠶᠠᠷᠢᠶ᠎ᠠ ᠥᠷᠨᠢᠭᠦᠯᠪᠡ᠃