Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ.ᠪᠠᠲᠤᠲᠤᠯᠭ᠎ᠠ 《The Hu》 ᠬᠠᠮᠲᠤᠯᠢᠭ ᠲᠤ ᠮᠣᠩ᠋ᠭᠣᠯ ᠤᠯᠤᠰ ᠤᠨ ᠲᠥᠷᠥ ᠢᠢᠨ ᠳᠡᠭᠡᠳᠦ ᠱᠠᠩᠨᠠᠯ᠂ ᠲᠡᠷᠢᠭᠦᠨ ᠵᠡᠷᠭᠡ ᠢᠢᠨ ᠣᠳᠤᠨ 《ᠴᠢᠩᠭᠢᠰ ᠬᠠᠭᠠᠨ》 ᠣᠳᠣᠨ ᠭᠠᠷᠳᠠᠭᠤᠯᠤᠯ᠎ᠠ

ᠠᠷᠪᠡᠨ ᠳᠣᠯᠤᠳᠤᠭᠠᠷ ᠵᠢᠷᠠᠨ ᠤ ᠰᠢᠷᠠᠭᠴᠢᠨ ᠭᠠᠬᠠᠢ ᠵᠢᠯ ᠦᠨ ᠡᠪᠦᠯ ᠦᠨ ᠲᠡᠷᠢᠭᠦᠨ ᠬᠥᠬᠡᠭ᠍ᠴᠢᠨ ᠭᠠᠬᠠᠢ ᠰᠠᠷ᠎ᠠ ᠢᠢᠨ ᠰᠢᠨ᠎ᠡ ᠢᠢᠨ ᠨᠢᠭᠡᠨ ᠦ ᠰᠢᠷ᠎ᠠ ᠯᠤᠤ ᠬᠡᠮᠡᠬᠦ ᠡᠨᠡ ᠡᠳᠦᠷ᠂ ᠶᠡᠬᠡ ᠡᠵᠡᠨ ᠴᠢᠩᠭᠢᠰ ᠬᠠᠭᠠᠨ ᠤ ᠡᠰᠡᠨᠢᠨ ᠮᠡᠨᠳᠦᠯᠡᠭᠰᠡᠨ ᠡᠪᠦᠯ ᠦᠨ ᠲᠡᠷᠢᠭᠦᠨ ᠰᠠᠷ᠎ᠠ ᠢᠢᠨ ᠰᠢᠨ᠎ᠡ ᠢᠢᠨ ᠨᠢᠭᠡᠨ ᠦ ᠮᠣᠷᠢᠨ ᠴᠠᠭ ᠲᠤ ᠲᠥᠷᠦ ᠢᠢᠨ ᠣᠷᠳᠣᠨ ᠤ ᠶᠣᠰᠣᠯᠠᠯ ᠬᠦᠨᠳᠦᠳᠬᠡᠯ ᠦᠨ ᠶᠡᠬᠡ ᠲᠠᠩᠬᠢᠮ ᠳᠤ 《ᠴᠢᠩᠭᠢᠰ ᠬᠠᠭᠠᠨ》 ᠣᠳᠤᠨ ᠭᠠᠷᠳᠠᠭᠤᠯᠬᠤ ᠶᠣᠰᠣᠯᠠᠯ ᠪᠣᠯᠤᠯ᠎ᠠ᠃
ᠮᠣᠩ᠋ᠭᠣᠯ ᠤᠯᠤᠰ ᠤᠨ ᠲᠥᠷᠦ ᠢᠢᠨ ᠳᠡᠭᠡᠳᠦ ᠱᠠᠩᠨᠠᠯ᠂ ᠲᠡᠷᠢᠭᠦᠨ ᠵᠡᠷᠭᠡ ᠢᠢᠨ 《ᠴᠢᠩᠭᠢᠰ ᠬᠠᠭᠠᠨ》 ᠣᠳᠣᠨ ᠢ ᠾᠢᠦᠩᠨᠦ ᠷᠣᠺ ᠴᠢᠭᠯᠡᠯ ᠢᠶᠡᠷ ᠪᠦᠲᠦᠭᠡᠯ ᠲᠤᠭᠤᠷᠪᠢᠳᠠᠭ 《The Hu》 ᠪᠤᠶᠤ 《ᠾᠦ᠋》 ᠬᠠᠮᠲᠤᠯᠢᠭ ᠲᠤ ᠣᠯᠭᠤᠬᠤ ᠪᠠᠷ ᠪᠣᠯᠤᠭᠰᠠᠨ ᠪᠥᠭᠡᠳ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ.ᠪᠠᠲᠤᠲᠤᠯᠭ᠎ᠠ ᠥᠨᠥᠳᠥᠷ ᠵᠠᠷᠯᠢᠭ ᠭᠠᠷᠭᠠᠭᠰᠠᠨ ᠢ ᠴᠤᠭᠯᠠᠭᠰᠠᠨ ᠵᠣᠴᠢᠳ᠂ ᠲᠥᠯᠦᠭᠡᠯᠡᠭᠴᠢᠳ ᠲᠥ ᠤᠩᠰᠢᠵᠤ ᠰᠣᠨᠣᠷᠳᠠᠭᠤᠯᠪᠠ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ 《ᠾᠦ᠋》 ᠬᠠᠮᠲᠤᠯᠢᠭ ᠢ ᠮᠣᠩ᠋ᠭᠣᠯ ᠤᠯᠤᠰ ᠤᠨ ᠲᠥᠷᠥ ᠢᠢᠨ ᠳᠡᠭᠡᠳᠦ ᠱᠠᠩᠨᠠᠯ᠂ ᠲᠡᠷᠢᠭᠦᠨ ᠵᠡᠷᠭᠡ ᠢᠢᠨ ᠣᠳᠣᠨ -《ᠴᠢᠩᠭᠢᠰ ᠬᠠᠭᠠᠨ》 ᠣᠳᠣᠨ ᠢᠶᠠᠷ ᠱᠠᠩᠨᠠᠬᠤ ᠲᠤᠬᠠᠢ ᠵᠠᠷᠯᠢᠭ ᠲᠤ᠄
ᠮᠣᠩ᠋ᠭᠣᠯ ᠤᠯᠤᠰ ᠤᠨ ᠦᠨᠳᠦᠰᠦᠨ ᠬᠠᠤᠯᠢ ᠢᠢᠨ ᠭᠤᠴᠢᠨ ᠭᠤᠷᠪᠠᠳᠤᠭᠠᠷ ᠵᠦᠢᠯ ᠦᠨ 1 ᠳ᠋ᠡᠬᠢ ᠬᠡᠰᠡᠭ ᠦᠨ 7 ᠳᠠᠬᠢ ᠵᠢᠭᠠᠯᠲᠠ᠂ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠲᠤᠬᠠᠢ ᠬᠠᠤᠯᠢ ᠢᠢᠨ 15 ᠳ᠋ᠤᠭᠠᠷ ᠵᠦᠢᠯ ᠦᠨ 1 ᠳ᠋ᠡᠬᠢ ᠬᠡᠰᠡᠭ ᠲᠥ ᠵᠢᠭᠠᠭᠰᠠᠨ ᠢ ᠲᠤᠰ ᠲᠤᠰ ᠦᠨᠳᠦᠰᠦᠯᠡᠨ ᠵᠠᠷᠯᠢᠭ ᠪᠣᠯᠭᠠᠬᠤ ᠨᠢ᠄
ᠲᠤᠯᠭᠤᠷ ᠲᠥᠷᠥ ᠢᠢᠨ 2228 ᠵᠢᠯ᠂ ᠶᠡᠬᠡ ᠮᠣᠩ᠋ᠭᠣᠯ ᠤᠯᠤᠰ ᠪᠠᠢᠢᠭᠤᠯᠤᠭᠳᠠᠰᠤᠨ ᠤ 813 ᠵᠢᠯ᠂ ᠶᠡᠬᠡ ᠡᠵᠡᠨ ᠴᠢᠩᠭᠢᠰ ᠬᠠᠭᠠᠨ ᠤ ᠮᠡᠨᠳᠦᠯᠡᠭᠰᠡᠨ ᠦ 857 ᠵᠢᠯ ᠦᠨ ᠣᠢ – ᠮᠣᠩ᠋ᠭᠣᠯ ᠪᠠᠬᠠᠷᠬᠠᠯ ᠤᠨ ᠡᠳᠦᠷ ᠢ ᠲᠣᠬᠢᠶᠠᠯᠳᠤᠭᠤᠯᠤᠨ ᠮᠣᠩ᠋ᠭᠣᠯ ᠤᠨ ᠶᠡᠬᠡ ᠡᠵᠡᠨᠲᠦ ᠭᠦᠷᠦᠨ᠂ ᠡᠪᠦᠭᠡ ᠳᠡᠭᠡᠳᠦᠰ ᠦᠨ ᠢᠶᠡᠨ ᠰᠤᠤ ᠠᠯᠳᠠᠷ᠂ ᠪᠠᠬᠠᠷᠬᠠᠯᠳᠤ ᠲᠡᠦᠬᠡ᠂ ᠦᠨᠳᠦᠰᠦᠨ ᠦ ᠤᠯᠠᠮᠵᠢᠯᠠᠯᠲᠤ ᠤᠷᠠᠯᠢᠭ ᠤᠨ ᠢᠶᠠᠨ ᠳᠤᠮᠳᠠᠷᠠᠰᠢ ᠦᠭᠡᠢ ᠥᠪ ᠰᠤᠶᠤᠯ ᠢ ᠣᠷᠴᠢᠨ ᠦᠶ᠎ᠡ ᠢᠢᠨ ᠬᠥᠭ᠍ᠵᠢᠮ ᠦᠨ ᠬᠡᠮᠨᠡᠯ᠂ ᠬᠥᠭ᠌ ᠠᠶᠠᠯᠭᠤᠨ ᠳᠤ ᠨᠡᠢᠢᠴᠡᠭᠦᠯᠦᠨ 《ᠾᠦᠩᠨᠦ ᠷᠣᠺ》 ᠬᠥᠭ᠍ᠵᠢᠮ ᠦᠨ ᠰᠢᠨ᠎ᠡ ᠤᠷᠤᠰᠬᠠᠯ ᠢ ᠪᠤᠢ ᠪᠣᠯᠭᠠᠵᠤ᠂ ᠡᠬᠡ ᠬᠡᠯᠡ ᠪᠡᠷ ᠢᠶᠡᠨ ᠲᠤᠭᠤᠷᠪᠢᠭᠰᠠᠨ ᠤᠷᠠᠨ ᠪᠦᠲᠦᠭᠡᠯ ᠢᠶᠡᠨ ᠳᠡᠯᠡᠬᠡᠢ ᠳᠠᠬᠢᠨ᠎ᠠ ᠰᠤᠷᠲᠠᠯᠴᠢᠯᠠᠨ ᠲᠦᠭᠡᠭᠡᠵᠦ᠂ ᠮᠣᠩ᠋ᠭᠣᠯ ᠤᠯᠤᠰ᠂ ᠮᠣᠩ᠋ᠭᠣᠯ ᠬᠦᠮᠦᠨ ᠦ ᠨᠡᠷ᠎ᠡ ᠬᠦᠨᠳᠦ ᠢᠢ ᠥᠨᠳᠥᠷ ᠲᠥ ᠡᠷᠭᠦᠵᠦ ᠪᠤᠢ ᠢᠢ ᠦᠨᠡᠯᠡᠵᠦ᠂ ᠷᠣᠺ ᠬᠥᠭ᠍ᠵᠢᠮ ᠦᠨ 《ᠾᠦ᠋》 ᠬᠠᠮᠲᠤᠯᠢᠭ ᠢ ᠮᠣᠩ᠋ᠭᠣᠯ ᠤᠯᠤᠰ ᠤᠨ ᠲᠥᠷᠥ ᠢᠢᠨ ᠳᠡᠭᠡᠳᠦ ᠱᠠᠩᠨᠠᠯ᠂ ᠲᠡᠷᠢᠭᠦᠨ ᠵᠡᠷᠭᠡ ᠢᠢᠨ ᠣᠳᠣᠨ -《ᠴᠢᠩᠭᠢᠰ ᠬᠠᠭᠠᠨ》 ᠣᠳᠣᠨ ᠢᠶᠠᠷ ᠱᠠᠩᠨᠠᠰᠤᠭᠠᠢ》 ᠭᠡᠵᠡᠢ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠵᠠᠷᠯᠢᠭ ᠢ ᠤᠩᠰᠢᠵᠤ ᠰᠣᠨᠣᠷᠳᠠᠭᠤᠯᠤᠭᠰᠠᠨ ᠤ ᠳᠠᠷᠠᠭ᠎ᠠ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ.ᠪᠠᠲᠤᠲᠤᠯᠭ᠎ᠠ《ᠴᠢᠩᠭᠢᠰ ᠬᠠᠭᠠᠨ》 ᠣᠳᠣᠨ ᠢ 《ᠾᠦ᠋》 ᠬᠠᠮᠲᠤᠯᠢᠭ ᠤᠨ ᠲᠥᠯᠥᠭᠡᠯᠡᠯ ᠪᠣᠯᠭᠠᠨ ᠫᠷᠣᠳᠢᠶᠦ᠋ᠰᠧᠷ ᠪ.ᠳᠠᠰᠢᠳᠣᠩᠳᠣᠭ ᠲᠤ ᠭᠠᠷᠳᠠᠭᠤᠯᠤᠯ᠎ᠠ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ.ᠪᠠᠲᠤᠲᠤᠯᠭ᠎ᠠ 《ᠾᠦ᠋》 ᠬᠠᠮᠲᠤᠯᠢᠭ ᠲᠤ ᠮᠣᠩ᠋ᠭᠣᠯ ᠤᠯᠤᠰ ᠤᠨ ᠲᠥᠷᠥ ᠢᠢᠨ ᠳᠡᠭᠡᠳᠦ ᠱᠠᠩᠨᠠᠯ᠂ ᠲᠡᠷᠢᠭᠦᠨ ᠵᠡᠷᠭᠡ ᠢᠢᠨ ᠣᠳᠣᠨ -《ᠴᠢᠩᠭᠢᠰ ᠬᠠᠭᠠᠨ》 ᠣᠳᠣᠨ ᠭᠠᠷᠳᠠᠭᠤᠯᠬᠤ ᠪᠣᠯᠤᠭᠰᠠᠨ ᠲᠠᠯ᠎ᠠ ᠪᠠᠷ ᠢᠶᠠᠨ᠄

ᠮᠣᠩ᠋ᠭᠣᠯ ᠤᠯᠤᠰ ᠤᠨ ᠢᠷᠭᠡᠳ ᠡ᠂
ᠳᠡᠯᠡᠬᠡᠢ ᠳᠠᠶᠠᠭᠠᠷ ᠲᠤ ᠲᠠᠷᠬᠠᠨ ᠰᠠᠭᠤᠷᠢᠰᠢᠭᠰᠠᠨ ᠮᠣᠩ᠋ᠭᠣᠯᠴᠤᠳ ᠠ᠋᠂

ᠡᠵᠡᠨ ᠪᠣᠭᠳᠠ ᠴᠢᠩᠭᠢᠰ ᠬᠠᠭᠠᠨ ᠤ ᠮᠡᠯᠮᠡᠢ ᠭᠡᠢᠢᠭᠰᠡᠨ ᠦ 857 ᠵᠢᠯ ᠦᠨ ᠣᠢ – ᠮᠣᠩ᠋ᠭᠣᠯ ᠪᠠᠬᠠᠷᠬᠠᠯ ᠤᠨ ᠡᠳᠦᠷ ᠦᠨ ᠬᠠᠯᠠᠭᠤᠨ ᠳᠣᠲᠣᠨᠣ ᠮᠡᠨᠳᠦ ᠢᠢ ᠲᠠ ᠪᠦᠬᠦᠨ ᠳᠥ ᠪᠡᠨ ᠡᠷᠭᠦᠨ ᠳᠡᠪᠰᠢᠭᠦᠯᠦᠶ᠎ᠡ᠃
ᠣᠨ ᠴᠠᠭ ᠤᠨ ᠤᠷᠤᠰᠬᠠᠯ ᠳᠤ ᠣᠯᠠᠨ ᠲᠡᠦᠬᠡᠨ ᠬᠦᠮᠦᠰ᠂ ᠲᠡᠦᠬᠡᠲᠦ ᠦᠢᠯᠡ ᠶᠠᠪᠤᠳᠠᠯ ᠤᠳ ᠪᠦᠳᠡᠭᠢᠷᠡᠨ᠂ ᠮᠠᠷᠲᠠᠭᠳᠠᠨ ᠠᠯᠤᠰᠷᠠᠵᠤ ᠪᠠᠢᠢᠬᠤ ᠳᠤ ᠶᠡᠬᠡ ᠡᠵᠡᠨ ᠴᠢᠩᠭᠢᠰ ᠬᠠᠭᠠᠨ ᠤ ᠮᠠᠨᠢ ᠠᠯᠳᠠᠷ ᠭᠠᠪᠢᠶ᠎ᠠ ᠢᠢ ᠬᠦᠮᠦᠨ ᠲᠥᠷᠦᠯᠬᠢᠲᠡᠨ ᠤᠯᠠᠮ ᠪᠦᠷᠢ ᠲᠣᠳᠣᠷᠠᠭᠤᠯᠤᠨ᠂ ᠣᠨᠴᠠᠯᠠᠭᠰᠠᠭᠠᠷ ᠪᠠᠢᠢᠭ᠎ᠠ ᠪᠢᠯᠡ᠃ ᠭᠧᠷᠮᠠᠨ ᠤ ᠠᠤᠭ᠎ᠠ ᠹᠢᠯᠣᠰᠣᠹᠢᠴᠢ ᠭᠧᠣᠷᠭ ᠾᠸᠭᠧᠯᠢ 1837 ᠣᠨ ᠳᠤ ᠪᠢᠴᠢᠭᠰᠡᠨ 《ᠲᠡᠦᠬᠡᠨ ᠹᠢᠯᠣᠰᠣᠹᠢ》 ᠪᠦᠲᠦᠭᠡᠯ ᠳᠥ ᠪᠡᠨ 《ᠬᠦᠮᠦᠨ ᠲᠥᠷᠦᠯᠬᠢᠲᠡᠨ ᠦ ᠲᠡᠦᠬᠡ ᠮᠣᠩ᠋ᠭᠣᠯᠴᠤᠳ ᠲᠠᠢ ᠬᠠᠮᠲᠤ ᠡᠬᠢᠯᠡᠭᠰᠡᠨ ᠶᠤᠮ᠃ ᠴᠤᠬᠤᠮ ᠳᠠᠭᠠᠨ ᠮᠣᠩ᠋ᠭᠣᠯᠴᠤᠳ ᠲᠡᠦᠬᠡᠨ ᠳ᠋ᠡᠬᠢ ᠠᠩᠬᠠᠨ ᠤ ᠬᠠᠤᠯᠢ ᠴᠠᠭᠠᠵᠠᠲᠤ ᠬᠦᠴᠦᠲᠦ ᠲᠥᠷᠦ ᠢᠢᠨ ᠰᠠᠭᠤᠷᠢ ᠢᠢ ᠪᠠᠢᠢᠭᠤᠯᠵᠤ ᠴᠢᠳᠠᠭᠰᠠᠨ ᠦᠨᠳᠦᠰᠦᠲᠡᠨ ᠪᠥᠭᠡᠳ ᠲᠡᠳᠡᠨ ᠦ ᠦᠵᠡᠯ ᠰᠠᠨᠠᠭᠠᠨ ᠤ ᠳᠣᠣᠷ᠎ᠠ ᠥᠨᠥ ᠢᠢᠨ ᠪᠦᠬᠦᠢ ᠯᠠ ᠶᠡᠬᠡ ᠭᠦᠷᠦᠨ ᠨᠦᠭᠦᠳ᠂ ᠳᠡᠯᠡᠬᠡᠢ ᠢᠢᠨ ᠦᠨᠳᠦᠰᠦᠲᠡᠨ ᠨᠦᠭᠦᠳ ᠵᠠᠮᠨᠠᠵᠤ ᠶᠠᠪᠤᠭ᠎ᠠ…》 ᠬᠡᠮᠡᠨ ᠳ᠋ᠦᠩᠨᠡᠨ ᠪᠢᠴᠢᠵᠦ ᠪᠠᠢᠢᠵᠠᠢ᠃
ᠭᠦᠨ ᠤᠬᠠᠭᠠᠨᠲᠠᠨ ᠭ ∙ ᠾᠸᠭᠧᠯᠢ ᠢᠢᠨ ᠳᠤᠷᠠᠳᠤᠭᠰᠠᠨ ᠬᠦᠴᠦᠷᠬᠡᠭ᠌ ᠲᠥᠷᠥ ᠨᠢ ᠶᠡᠬᠡ ᠡᠵᠡᠨ ᠴᠢᠩᠭᠢᠰ ᠬᠠᠭᠠᠨ ᠤ ᠮᠠᠨᠢ 《ᠠᠯᠳᠠᠠ ᠪᠡᠶ᠎ᠡ ᠮᠢᠨᠢ ᠠᠯᠵᠢᠶᠠᠪᠠᠰᠤ ᠠᠯᠵᠢᠶᠠᠭ》 ᠬᠡᠮᠡᠨ ᠵᠢᠳᠬᠦᠵᠦ ᠪᠣᠰᠬᠠᠭᠰᠠᠨ 《ᠠᠬᠤ ᠲᠥᠷᠥ – ᠮᠣᠩ᠋ᠭᠣᠯ ᠲᠥᠷᠥ》 ᠪᠠᠢᠢᠭᠰᠠᠨ᠃ ᠭᠡᠮ ᠪᠤᠷᠤᠭᠤᠲᠠᠨ ᠳᠤ ᠲᠠᠭᠠᠷᠠᠬᠤ ᠬᠠᠷᠢᠭᠤᠴᠠᠯᠭ᠎ᠠ ᠢᠢ ᠨᠣᠭᠳᠠᠭᠤᠯᠬᠤ᠂ ᠭᠠᠪᠢᠶᠠᠲᠠᠨ ᠳᠤ ᠵᠣᠬᠢᠬᠤ ᠱᠠᠩᠨᠠᠯ ᠢ ᠣᠯᠭᠤᠬᠤ ᠨᠢ ᠲᠥᠷᠦ ᠢᠢᠨ ᠨᠢᠭᠡᠨ ᠴᠢᠬᠤᠯᠠ ᠡᠭᠦᠷᠭᠡ ᠬᠡᠮᠡᠨ ᠴᠢᠩᠭᠢᠰ ᠬᠠᠭᠠᠨ ᠦᠵᠡᠳᠡᠭ ᠪᠠᠢᠢᠯ᠎ᠠ᠃
ᠮᠣᠩ᠋ᠭᠣᠯ ᠤᠨ ᠲᠥᠷᠥ ᠥᠨᠥᠳᠥᠷ ᠭᠠᠪᠢᠶᠠᠲᠠᠨ ᠨᠤᠭᠤᠳ ᠢᠶᠠᠨ ᠱᠠᠩᠨᠠᠨ ᠠᠯᠳᠠᠷᠰᠢᠭᠤᠯᠵᠤ ᠪᠠᠢᠢᠨ᠎ᠠ᠃
ᠮᠣᠩ᠋ᠭᠣᠯᠴᠤᠳ ᠠ᠌᠂
ᠰᠤᠤᠲᠤ ᠪᠣᠭᠳᠠ ᠳᠡᠭᠡᠳᠦᠰ ᠦᠨ ᠮᠡᠨᠳᠦᠯᠡᠭᠰᠡᠨ – ᠮᠣᠩ᠋ᠭᠣᠯ ᠪᠠᠬᠠᠷᠬᠠᠯ ᠤᠨ ᠡᠨᠡ ᠡᠳᠦᠷ ᠶᠡᠬᠡ ᠬᠠᠭᠠᠨ ᠤ ᠪᠠᠨ ᠬᠦᠷᠦᠭᠡ ᠦᠭᠡᠢ᠂ ᠳᠥᠲᠡᠯᠡᠭᠡ ᠦᠭᠡᠢ ᠭᠠᠵᠠᠷ ᠲᠤ ᠬᠦᠷᠴᠦ᠂ ᠮᠣᠩ᠋ᠭᠣᠯ ᠤᠨ ᠠᠯᠳᠠᠷ ᠰᠤᠤ᠂ ᠮᠣᠩ᠋ᠭᠣᠯ ᠤᠨ ᠰᠤᠶᠤᠯ ᠤᠨ ᠥᠪ ᠢ ᠲᠦᠭᠡᠭᠡᠵᠦ᠂ ᠮᠣᠩ᠋ᠭᠣᠯ ᠬᠡᠮᠡᠬᠦ ᠨᠡᠷ᠎ᠡ ᠢᠢ ᠶᠢᠷᠲᠢᠨᠴᠦ ᠢᠢᠨ ᠴᠢᠬᠢᠨ᠎ᠡ ᠳᠠᠭᠤᠷᠢᠰᠬᠠᠵᠤ ᠶᠠᠪᠤᠭ᠎ᠠ 《ᠾᠦᠩᠨᠦ ᠷᠣᠺ》 ᠬᠡᠮᠡᠬᠦ ᠰᠢᠨ᠎ᠡ ᠷᠣᠺ ᠪᠠᠷᠢᠯ ᠢ ᠡᠭᠦᠰᠬᠡᠨ᠂ ᠭᠢᠯᠠᠯᠵᠠᠵᠤ ᠪᠤᠢ 《ᠾᠦ᠋》 ᠬᠠᠮᠲᠤᠯᠢᠭ ᠲᠤ ᠣᠯᠭᠤᠬᠤ ᠪᠠᠷ ᠰᠢᠢᠳᠪᠦᠷᠢᠯᠡᠯ᠎ᠡ!
ᠪᠢ ᠲᠠ ᠨᠠᠷ ᠢᠶᠠᠷ ᠪᠠᠬᠠᠷᠬᠠᠵᠤ ᠪᠠᠢᠢᠨ᠎ᠠ᠃ ᠮᠣᠩ᠋ᠭᠣᠯ ᠲᠦᠮᠡᠨ ᠲᠠ ᠨᠠᠷ ᠢᠶᠠᠷ ᠣᠮᠣᠭᠰᠢᠨ ᠪᠠᠶᠠᠰᠴᠤ ᠪᠠᠢᠢᠨ᠎ᠠ᠃ ᠶᠡᠬᠡ ᠨᠠᠢᠢᠷᠠᠭᠴᠢ ᠷ ∙ ᠴᠣᠢᠢᠨᠠᠮ ᠤᠨ 《ᠮᠢᠨᠦ ᠮᠣᠩ᠋ᠭᠣᠯ》 ᠨᠠᠢᠢᠷᠠᠭᠯᠠᠯ ᠳᠤ ᠦᠭᠦᠯᠡᠭᠰᠡᠨᠴᠢᠯᠡᠨ ᠮᠣᠩ᠋ᠭᠣᠯ ᠤᠨ ᠳᠠᠭᠤᠤ ᠪᠣᠯ ᠮᠣᠲ᠋ᠣᠷ ᠤᠨ ᠴᠢᠮᠡᠭᠡ ᠪᠢᠰᠢ᠂ ᠮᠣᠷᠢᠲᠠᠨ ᠠᠷᠠᠳ ᠤᠨ ᠰᠡᠳᠬᠢᠯ ᠦᠨ ᠤᠶᠠᠩ᠋ᠭ᠎ᠠ ᠪᠣᠯᠬᠤ ᠢᠢ ᠳᠡᠯᠡᠬᠡᠢ ᠳᠠᠬᠢᠨ ᠳᠤ ᠨᠣᠲᠠᠯᠠᠨ ᠬᠠᠷᠠᠭᠤᠯᠤᠭᠰᠠᠨ ᠳᠤ ᠴᠢᠨᠢ ᠪᠠᠶᠠᠷᠯᠠᠯ᠎ᠠ᠃
ᠡᠨᠡ ᠪᠣᠯ ᠨᠡᠭᠦᠳᠡᠯᠴᠢᠨ ᠤᠳᠤᠮ ᠤᠨ ᠮᠣᠩ᠋ᠭᠣᠯ ᠵᠠᠯᠠᠭᠤᠰ ᠤᠨ ᠬᠠᠮᠲᠤ ᠢᠢᠨ ᠬᠦᠴᠦ᠂ ᠬᠠᠮᠲᠤ ᠢᠢᠨ ᠵᠢᠳᠬᠦᠯ᠂ ᠬᠠᠮᠲᠤ ᠢᠢᠨ ᠠᠮᠵᠢᠯᠲᠠ ᠶᠤᠮ᠃ ᠶᠡᠷᠦᠩᠬᠡᠢ ᠫᠷᠣᠳᠢᠶᠦ᠋ᠰᠧᠷ᠂ ᠮᠣᠩ᠋ᠭᠣᠯ ᠤᠯᠤᠰ ᠤᠨ ᠭᠠᠪᠢᠶᠠᠲᠤ ᠵᠦᠵᠦᠭᠡᠴᠢᠨ ᠪᠠᠶᠠᠷᠮᠠᠩᠨᠠᠢ ᠢᠢᠨ ᠳᠠᠰᠢᠳᠣᠨᠳᠣᠭ ᠲᠡᠷᠢᠭᠦᠲᠡᠢ 《ᠾᠦ᠋》 ᠬᠠᠮᠲᠤᠯᠢᠭ᠃ ᠭᠡᠰᠢᠭᠦᠳ ᠴᠡᠩᠳᠦᠪᠠᠭᠠᠲᠤᠷ ᠤᠨ ᠭᠠᠯᠪᠠᠳᠠᠷᠠᠬᠤ᠂ ᠪᠠᠲᠤᠰᠠᠢᠢᠬᠠᠨ ᠤ ᠡᠩᠬᠡᠰᠠᠢᠢᠬᠠᠨ᠂ ᠭᠠᠯᠰᠠᠩᠵᠠᠮᠴᠤ ᠢᠢᠨ ᠨᠢᠮᠠᠵᠠᠨᠵᠠᠨ᠂ ᠨᠠᠷᠠᠨᠪᠠᠭᠠᠲᠤᠷ ᠤᠨ ᠲᠡᠮᠡᠦᠯᠦᠨ᠂ ᠭᠠᠩᠲᠡᠮᠦᠷ᠎ ᠦᠨ ᠣᠳᠤᠪᠠᠶᠠᠷ᠂ ᠠᠶᠤᠰᠢᠵᠠᠪ ᠤᠨ ᠵᠠᠮᠪᠠᠯᠳᠣᠷᠵᠢ᠂ ᠮᠠᠷᠠᠯᠬᠦ᠋ᠦ ᠢᠢᠨ ᠥᠨᠥᠮᠥ᠋ᠩᠬᠡ᠂ ᠪᠠᠲᠤᠪᠠᠶᠠᠷ ᠤᠨ ᠪᠠᠲᠤᠬᠦᠦ᠂ ᠴᠡᠩᠳᠦᠪᠠᠭᠠᠲᠤᠷ  ᠤᠨ ᠨᠠᠳᠮᠢᠳᠲᠤᠯᠭ᠎ᠠ᠂ ᠪᠷᠧᠨ᠋ᠳᠣᠨ ᠹᠷᠠᠢᠢᠽᠧᠨ ᠲᠠ ᠪᠦᠬᠦᠨ ᠳᠥ ᠶᠡᠬᠡ ᠡᠵᠡᠨ ᠴᠢᠩᠭᠢᠰ ᠬᠠᠭᠠᠨ ᠤ ᠣᠳᠣᠨ ᠢ ᠮᠣᠩ᠋ᠭᠣᠯ ᠲᠦᠮᠡᠨ ᠦ ᠨᠡᠷ᠎ᠡ ᠢᠢᠨ ᠡᠮᠦᠨ᠎ᠡ ᠡᠴᠡ ᠭᠠᠷᠳᠠᠭᠤᠯᠵᠤ ᠪᠠᠢᠢᠨ᠎ᠠ᠃
《ᠾᠦ᠋》 ᠬᠠᠮᠲᠤᠯᠢᠭ ᠤᠨ ᠬᠢᠨ ᠡᠬᠢᠨ ᠦ ᠴᠣᠮᠣᠭ ᠢᠶᠠᠨ 《ᠭᠡᠷᠡᠭᠡ》 ᠍ ᠪᠡᠷ ᠨᠡᠷᠡᠯᠡᠭᠰᠡᠨ ᠨᠢ ᠦᠨᠡᠬᠡᠷ ᠣᠨᠣᠵᠠᠢ᠃ ᠲᠠ ᠪᠦᠬᠦᠨ ᠦ ᠤᠷᠠᠨ ᠪᠦᠲᠦᠭᠡᠯ ᠶᠡᠬᠡ ᠡᠵᠡᠨ ᠴᠢᠩᠭᠢᠰ ᠬᠠᠭᠠᠨ ᠠᠴᠠ ᠰᠣᠶᠣᠷᠬᠠᠭᠰᠠᠨ 《ᠠᠯᠲᠠᠨ ᠭᠡᠷᠡᠭᠡ》 ᠠᠳᠠᠯᠢ ᠳᠡᠯᠡᠬᠡᠢ ᠳᠠᠶᠠᠭᠠᠷ ᠮᠣᠩ᠋ᠭᠣᠯ ᠤᠨ ᠨᠡᠷ᠎ᠡ ᠢᠢ ᠲᠦᠭᠡᠭᠡᠨ᠂ ᠬᠦᠮᠦᠰ ᠦᠨ ᠰᠡᠳᠬᠢᠯ ᠳᠥ ᠨᠡᠪᠲᠡᠷᠡᠵᠦ ᠪᠠᠢᠢᠨ᠎ᠠ᠃ ᠲᠠ ᠨᠠᠷ ᠤᠨ ᠵᠠᠮ ᠮᠥᠷ ᠲᠣᠳᠣ ᠪᠠᠢᠢᠵᠤ᠂ ᠣᠯᠠᠨ ᠵᠠᠯᠠᠭᠤᠰ᠂ ᠤᠷᠠᠨ ᠪᠦᠲᠦᠭᠡᠯᠴᠢᠳ ᠢ ᠳᠠᠭᠠᠭᠤᠯᠤᠨ᠎ᠠ ᠬᠡᠮᠡᠨ ᠪᠢ ᠶᠡᠬᠡᠳᠡ ᠪᠡᠯᠭᠡᠰᠢᠶᠡᠨ᠂ ᠢᠲᠡᠭᠡᠵᠦ ᠪᠠᠢᠢᠨ᠎ᠠ᠃
ᠮᠣᠩ᠋ᠭᠣᠯ ᠤᠨ 《ᠾᠦᠩᠨᠦ ᠷᠣᠺ》 – 《ᠾᠦ᠋》 ᠬᠠᠮᠲᠤᠯᠢᠭ ᠤᠨ ᠠᠩᠬᠠᠨ ᠤ ᠳᠠᠭᠤᠤ ᠢᠨ᠋ᠲ᠋ᠧᠷᠨᠡᠲ ᠣᠷᠴᠢᠨ ᠳᠤ ᠨᠢᠭᠡ ᠵᠢᠯ ᠦᠨ ᠳᠣᠲᠣᠷ᠎ᠠ 26 ᠰᠠᠶ᠎ᠠ ᠰᠣᠨᠣᠰᠤᠭᠴᠢᠳ ᠲᠤ ᠬᠦᠷᠴᠦ᠂ ᠡᠳᠦᠷ ᠡᠴᠡ ᠡᠳᠦᠷ ᠲᠥ ᠲᠣᠭ᠎ᠠ ᠨᠢ ᠨᠡᠮᠡᠭᠳᠡᠭᠰᠡᠭᠡᠷ ᠪᠠᠢᠢᠨ᠎ᠠ᠃ 2019 ᠣᠨ ᠤ 6 ᠳ᠋ᠤᠭᠠᠷ ᠰᠠᠷ᠎ᠠ ᠠᠴᠠ ᠲᠤᠰ ᠬᠠᠮᠲᠤᠯᠢᠭ ᠧᠦ᠋ᠷᠣᠫᠠ ᠢᠢᠨ 13 ᠣᠷᠣᠨ ᠤ 23 ᠨᠠᠭᠠᠳᠤᠮ ᠢᠶᠠᠷ ᠠᠶᠠᠯᠠᠨ ᠲᠣᠭᠯᠠᠯᠲᠠ ᠬᠢᠵᠡᠢ᠃ ᠣᠳᠣ ᠠᠮᠧᠷᠢᠺᠠ ᠢᠢᠨ ᠨᠢᠭᠡᠳᠦᠭᠰᠡᠨ ᠤᠯᠤᠰ᠂ ᠮᠥᠨ ᠺᠠᠨᠠᠳ᠋ ᠤᠯᠤᠰ ᠢᠶᠠᠷ ᠲᠣᠭᠣᠷᠢᠨ 60 ᠣᠷᠴᠢᠮ ᠪᠡᠶ᠎ᠡ ᠳᠠᠭᠠᠭᠠᠭᠰᠠᠨ ᠲᠣᠭᠯᠠᠯᠲᠠ ᠬᠢᠭᠡᠳ ᠶᠠᠪᠤᠵᠤ ᠪᠠᠢᠢᠭ᠎ᠠ ᠶᠤᠮ ᠪᠠᠢᠢᠨ᠎ᠠ᠃
ᠲᠠ ᠪᠦᠬᠦᠨ ᠳᠥ ᠡᠨᠡ ᠬᠦᠨᠳᠦᠳᠦ ᠱᠠᠩᠨᠠᠯ ᠢ ᠣᠯᠭᠣᠬᠤ ᠮᠥᠴᠡ ᠳᠥ ᠨᠠᠳᠠ ᠳᠤ 1965 ᠣᠨ ᠤ 5 ᠳ᠋ᠤᠭᠠᠷ ᠰᠠᠷ᠎ᠠ ᠳᠤ ᠠᠯᠳᠠᠷᠲᠤ 《ᠪᠢᠲ᠋ᠯᠽ》 ᠬᠠᠮᠲᠤᠯᠢᠭ ᠲᠤ ᠪᠷᠢᠲ᠋ᠠᠨ ᠤ ᠡᠵᠡᠨᠳᠥ ᠭᠦᠷᠦᠨ ᠦ ᠰᠢᠯᠢᠳᠡᠭ ᠭᠠᠪᠢᠶᠠᠨ ᠤ ᠣᠳᠣᠨ ᠭᠠᠷᠳᠠᠭᠤᠯᠤᠭᠰᠠᠨ ᠶᠠᠪᠤᠳᠠᠯ ᠰᠠᠨᠠᠭᠠᠨ ᠳᠤ ᠣᠷᠣᠵᠤ ᠪᠡᠢᠢᠨ᠎ᠠ᠃ ᠠᠩᠯᠢ ᠢᠢᠨ ᠬᠠᠲᠤᠨ ᠬᠠᠭᠠᠨ 《ᠪᠢᠲ᠋ᠯᠽ》 ᠬᠠᠮᠲᠤᠯᠢᠭ ᠲᠤ ᠱᠠᠩᠨᠠᠯ ᠣᠯᠭᠣᠬᠤ ᠪᠣᠯᠤᠭᠰᠠᠨ ᠰᠢᠯᠲᠠᠭᠠᠨ ᠢᠶᠠᠨ 《ᠪᠷᠢᠲ᠋ᠠᠨ ᠤ ᠨᠡᠷ᠎ᠡ ᠬᠦᠨᠳᠦ ᠢᠢ ᠳᠡᠯᠡᠬᠡᠢ ᠳᠠᠶᠠᠭᠠᠷ ᠲᠤ ᠥᠰᠬᠡᠭ᠍ᠰᠡᠨ ᠦ ᠲᠥᠯᠥᠭᠡ》 ᠬᠡᠮᠡᠨ ᠲᠠᠢᠢᠯᠪᠤᠷᠢᠯᠠᠵᠤ ᠪᠠᠢᠢᠭᠰᠠᠨ᠃ ᠥᠨᠥᠳᠥᠷ ᠮᠣᠩ᠋ᠭᠣᠯ ᠤᠨ ᠲᠥᠷᠥ ᠲᠠ ᠪᠦᠬᠦᠨ ᠢ ᠲᠥᠷᠥ ᠢᠢᠨ ᠳᠡᠭᠡᠳᠦ ᠱᠠᠩᠨᠠᠯ ᠲᠡᠷᠢᠭᠦᠨ ᠵᠡᠷᠭᠡ ᠢᠢᠨ ᠣᠳᠣᠨ 《ᠴᠢᠩᠭᠢᠰ ᠬᠠᠭᠠᠨ》 ᠣᠳᠣᠨ ᠢᠶᠠᠷ ᠱᠠᠩᠨᠠᠬᠤ ᠳᠤ ᠪᠠᠨ ᠡᠭᠦᠨ ᠲᠡᠢ ᠢᠵᠢᠯ ᠰᠢᠯᠲᠠᠭᠠᠨ ᠢ ᠳᠤᠷᠠᠳᠬᠤ ᠪᠠᠢᠢᠨ᠎ᠠ᠃
ᠲᠠ ᠪᠦᠬᠦᠨ ᠳᠥ ᠠᠮᠵᠢᠯᠲᠠ ᠬᠦᠰᠡᠵᠦ᠂ ᠠᠵᠠ ᠵᠢᠷᠭᠠᠯ ᠰᠠᠢᠢᠨ ᠰᠠᠢᠢᠬᠠᠨ ᠪᠦᠬᠦᠨ ᠢ ᠢᠷᠦᠭᠡᠶ᠎ᠡ᠃
ᠮᠣᠩ᠋ᠭᠣᠯ ᠪᠢᠳᠡᠨ ᠦ ᠬᠡᠢᠢᠮᠣᠷᠢ ᠪᠠᠬᠠᠷᠬᠠᠯ ᠳᠡᠭᠡᠳᠦ ᠲᠩᠷᠢ ᠡᠴᠡ ᠵᠠᠶᠠᠭᠠᠲᠤ ᠲᠦᠷᠦᠭᠰᠡᠨ ᠶᠡᠬᠡ ᠡᠵᠡᠨ ᠴᠢᠩᠭᠢᠰ ᠬᠠᠭᠠᠨ ᠤ ᠪᠠᠨ ᠰᠤᠤ ᠪᠢᠯᠢᠭ ᠲᠥ ᠪᠢᠰᠢᠷᠡᠨ ᠮᠥᠷᠭᠥᠵᠡᠭᠡᠢ᠎ᠡ᠃ ᠲᠠᠨ ᠤ ᠡᠭᠦᠰᠬᠡᠨ ᠪᠠᠢᠢᠭᠤᠯᠤᠭᠰᠠᠨ ᠮᠣᠩ᠋ᠭᠣᠯ ᠲᠥᠷᠥ᠂ ᠲᠠᠨ ᠤ ᠰᠦᠯᠳᠡ ᠬᠡᠢᠢᠮᠣᠷᠢ ᠦᠷ᠎ᠡ ᠬᠣᠢᠢᠴᠢᠰ ᠪᠢᠳᠡᠨ ᠢ ᠪᠡᠨ ᠦᠷᠭᠦᠯᠵᠢᠳᠡ ᠢᠪᠡᠭᠡᠬᠦ ᠪᠣᠯᠲᠤᠭᠠᠢ᠃
ᠮᠥᠩᠬᠡ ᠲᠩᠷᠢ ᠪᠢᠳᠡᠨ ᠢ ᠢᠪᠡᠭᠡᠭ᠌ 》 ᠭᠡᠵᠦ ᠬᠡᠯᠡᠯ᠎ᠡ᠃

ᠳᠠᠷᠠᠭ᠎ᠠ ᠨᠢ ᠮᠣᠩ᠋ᠭᠣᠯ ᠤᠯᠤᠰ ᠤᠨ ᠲᠥᠷᠥ ᠢᠢᠨ ᠳᠡᠭᠡᠳᠦ ᠱᠠᠩᠨᠠᠯ᠂ ᠲᠡᠷᠢᠭᠦᠨ ᠵᠡᠷᠭᠡ ᠢᠢᠨ 《ᠴᠢᠩᠭᠢᠰ ᠬᠠᠭᠠᠨ》 ᠣᠳᠣᠨᠳᠤ 《ᠾᠦ᠋》 ᠬᠠᠮᠲᠤᠯᠢᠭ ᠤᠨ ᠫᠷᠣᠳᠢᠶᠦ᠋ᠰᠧᠷ ᠪ.ᠳᠠᠰᠢᠳᠣᠨᠳᠣᠭ᠄
ᠳᠡᠭᠡᠳᠦ ᠬᠥᠬᠡ ᠲᠩᠷᠢ᠂
ᠢᠪᠡᠭᠡᠯᠲᠦ ᠡᠪᠦᠭᠡ ᠳᠡᠭᠡᠳᠦᠰ᠂
ᠶᠡᠬᠡ ᠡᠵᠡᠨ ᠴᠢᠩᠭᠢᠰ ᠬᠠᠭᠠᠨ ᠮᠢᠨᠢ ᠡ᠂
ᠮᠥᠷ ᠦᠨ ᠵᠡᠷᠭᠡ ᠳᠥ ᠬᠦᠷᠭᠡᠭ᠍ᠳᠡᠵᠦ
ᠲᠥᠷᠥ ᠢᠢᠨ ᠬᠡᠷᠡᠭ ᠲᠥ ᠡᠷᠭᠦᠭ᠍ᠳᠡᠭᠰᠡᠨ ᠳᠥ ᠪᠡᠨ
ᠮᠡᠬᠦᠰ ᠪᠢ ᠲᠠᠯᠠᠷᠬᠠᠵᠤ᠂ ᠨᠢᠭᠡᠨᠲᠡ ᠮᠡᠬᠦᠢᠢᠨ ᠶᠣᠰᠣᠯᠠᠶ᠎ᠠ᠃

ᠡᠷᠬᠢᠮ ᠬᠦᠨᠳᠦᠳᠦ᠂ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬᠠᠯᠲᠠᠮ᠎ᠠ ᠢᠢᠨ ᠪᠠᠲᠤᠲᠤᠯᠭ᠎ᠠ ᠲᠠᠨ᠎ᠠ᠂
ᠡᠷᠬᠢᠮ ᠬᠦᠨᠳᠦᠳᠦ᠂ ᠮᠣᠩ᠋ᠭᠣᠯ ᠤᠯᠤᠰ ᠤᠨ ᠶᠡᠬᠡ ᠬᠤᠷᠠᠯ ᠤᠨ ᠳᠠᠷᠤᠭ᠎ᠠ ᠭᠣᠮᠪᠣᠵᠠᠪ ᠤᠨ ᠽᠠᠨᠳᠠᠨᠰᠢᠲᠠᠷ᠎ᠠ ᠲᠠᠨ᠎ᠠ᠂
ᠡᠷᠬᠢᠮ ᠬᠦᠨᠳᠦᠳᠦ᠂ ᠮᠣᠩ᠋ᠭᠣᠯ ᠤᠯᠤᠰ ᠤᠨ ᠶᠡᠷᠦᠩᠬᠡᠢ ᠰᠠᠢᠢᠳ ᠤᠬᠤᠨ᠎ᠠ ᠢᠢᠨ ᠬᠦᠷᠦᠯᠰᠦ᠋ᠬᠡ ᠲᠠᠨ᠎ᠠ
ᠮᠡᠷᠭᠡᠨ ᠰᠠᠢᠢᠳ᠂ ᠰᠡᠴᠡᠨ ᠲᠦᠰᠢᠮᠡᠳ ᠲᠠ ᠪᠦᠬᠦᠨ ᠳᠥ ᠪᠡᠨ ᠬᠣᠶᠠᠷᠠᠨᠲᠠ ᠮᠡᠬᠦᠢᠢᠨ ᠶᠣᠰᠣᠯᠠᠶ᠎ᠠ᠃

ᠡᠷᠬᠢᠮᠰᠦᠭ ᠮᠣᠩ᠋ᠭᠣᠯ ᠰᠤᠶᠤᠯ ᠤᠨ ᠳᠡᠭᠡᠳᠦ ᠣᠷᠣᠰᠢᠬᠤᠢ᠂ ᠲᠥᠷᠥ ᠶᠣᠰᠣᠨ ᠤ ᠠᠯᠳᠠᠷ ᠬᠦᠨᠳᠦᠳᠬᠡᠯ ᠢ ᠬᠦᠯᠢᠶᠡᠭᠰᠡᠨ ᠨᠣᠮ ᠤᠨ ᠮᠡᠷᠭᠡᠳ᠂ ᠤᠷᠠᠯᠢᠭ ᠤᠨ ᠵᠢᠳᠬᠦᠯᠲᠡᠨ ᠨᠦᠭᠦᠳ᠂ ᠨᠡᠷ᠎ᠡ ᠴᠤᠲᠠᠢ ᠬᠠᠮᠲᠤᠷᠠᠨ ᠵᠢᠳᠬᠦᠭ᠍ᠴᠢᠳ ᠡ᠂
ᠡᠷᠴᠢ ᠬᠦᠴᠦ᠂ ᠬᠥᠳᠡᠯᠮᠦᠷᠢ ᠵᠢᠳᠬᠦᠯ᠂ ᠪᠢᠷ᠎ᠠ ᠴᠢᠳᠠᠯ ᠢᠶᠠᠨ ᠭᠠᠢᠢᠬᠠᠭᠤᠯᠵᠤ ᠮᠣᠩ᠋ᠭᠣᠯ ᠢ ᠳᠡᠯᠡᠬᠡᠢ ᠳᠥ ᠲᠠᠮᠠᠭᠠᠯᠠᠭᠰᠠᠨ ᠰᠫᠣᠷᠲ ᠤᠨ ᠳᠡᠪᠵᠢᠭᠡᠨ ᠳᠥ ᠭᠢᠯᠠᠯᠵᠠᠭᠴᠢ ᠬᠦᠴᠦᠲᠡᠨ ᠨᠦᠭᠦᠳ ᠡ᠂
ᠠᠨᠳᠠ ᠨᠠᠢᠢᠵᠠ ᠨᠠᠷ ᠠ᠋᠂
ᠡᠯᠢᠭᠡ ᠨᠢᠭᠡᠲᠦ ᠮᠣᠩ᠋ᠭᠣᠯ ᠠᠬᠠᠨ ᠳᠡᠭᠦᠦᠰ ᠲᠠ ᠪᠦᠬᠦᠨ ᠳᠥ ᠪᠡᠨ ᠭᠤᠷᠪᠠᠨᠲᠠ ᠮᠡᠬᠦᠢᠢᠨ ᠶᠣᠰᠣᠯᠠᠶ᠎ᠠ᠃

ᠴᠢᠨᠣᠰ ᠤᠳᠤᠮ ᠤᠨ ᠪᠠᠶᠠᠷᠮᠠᠩᠨᠠᠢ ᠣᠪᠤᠭ ᠲᠠᠢ ᠳᠠᠰᠢᠳᠣᠨᠳᠣᠭ ᠮᠢᠨᠦ ᠪᠡᠶ᠎ᠡ ᠲᠠ ᠪᠦᠬᠦᠨ ᠳᠥ ᠪᠡᠨ ᠡᠪᠦᠯ ᠦᠨ ᠲᠡᠷᠢᠭᠦᠨ ᠰᠠᠷ᠎ᠠ ᠢᠢᠨ ᠰᠢᠨ᠎ᠡ ᠢᠢᠨ ᠨᠢᠭᠡᠨ ᠦ ᠪᠡᠯᠭᠡᠲᠦ ᠰᠠᠢᠢᠨ ᠡᠳᠦᠷ ᠢᠶᠡᠷ 《ᠾᠦ᠋》 ᠬᠠᠮᠲᠤᠯᠢᠭ ᠤᠨ ᠢᠶᠠᠨ ᠡᠷᠴᠢ ᠬᠦᠴᠦᠲᠡᠢ᠂ ᠡᠷᠡᠯᠬᠡᠭ᠌ ᠴᠣᠭᠯᠢᠭ ᠵᠠᠯᠠᠭᠤᠴᠤᠳ ᠪᠣᠯᠤᠨ ᠤᠳᠤᠮ ᠰᠤᠳᠤᠷᠲᠤ ᠠᠬ᠎ᠠ ᠳᠡᠭᠦᠦᠰ ᠦᠨ ᠢᠶᠡᠨ ᠨᠡᠷ᠎ᠡ ᠢᠢᠨ ᠡᠮᠦᠨ᠎ᠡ ᠡᠴᠡ ᠶᠡᠬᠡ ᠡᠵᠡᠨ ᠴᠢᠩᠭᠢᠰ ᠬᠠᠭᠠᠨ ᠤ ᠪᠠᠨ ᠮᠡᠯᠮᠡᠢ ᠭᠡᠢᠢᠭᠰᠡᠨ ᠮᠣᠩ᠋ᠭᠣᠯ ᠪᠢᠳᠡᠨ ᠦ ᠪᠠᠬᠠᠷᠬᠠᠯ ᠤᠨ ᠡᠳᠦᠷ ᠦᠨ ᠮᠡᠨᠳᠦ ᠢᠢ ᠬᠦᠷᠭᠡᠵᠦ᠂ ᠮᠡᠨᠳᠦᠴᠢᠯᠡᠵᠦ ᠪᠠᠢᠢᠭ᠎ᠠ ᠢᠢ ᠮᠢᠨᠢ ᠲᠣᠭᠲᠠᠭᠠᠨ ᠰᠣᠶᠣᠷᠬᠠᠨ᠎ᠠ ᠤᠤ᠃
ᠥᠯᠵᠡᠢ ᠤᠴᠠᠷᠠᠯᠳᠤ ᠪᠡᠯᠭᠡᠲᠦ ᠰᠠᠢᠢᠨ ᠡᠨᠡ ᠡᠳᠦᠷ ᠲᠥᠷᠥ ᠢᠢᠨ ᠰᠦᠯᠳᠡ᠂ ᠶᠢᠰᠦᠨ ᠬᠥᠯᠲᠦ ᠶᠡᠬᠡ ᠴᠠᠭᠠᠨ ᠲᠤᠭ ᠤᠨ ᠢᠶᠠᠨ ᠣᠷᠣᠰᠢᠬᠤᠢ ᠳᠣᠣᠷ᠎ᠠ ᠮᠥᠩᠬᠡ ᠲᠩᠷᠢ ᠢᠢᠨ ᠲᠠᠰᠢᠭᠤᠷ ᠡᠵᠡᠨ ᠴᠢᠩᠭᠢᠰ ᠬᠠᠭᠠᠨ ᠤ ᠪᠠᠨ ᠨᠡᠷ᠎ᠡ ᠪᠡᠷ ᠠᠳᠢᠰᠯᠠᠭᠳᠠᠭᠰᠠᠨ ᠳᠡᠯᠡᠬᠡᠢ ᠳᠥ ᠴᠣᠷ ᠭᠠᠭᠴᠠ ᠡᠷᠬᠢᠮ ᠳᠡᠭᠡᠳᠦ ᠱᠠᠩᠨᠠᠯ ᠢ ᠬᠦᠷᠲᠡᠵᠦ᠂ 《ᠾᠦ᠋》 ᠬᠠᠮᠲᠤᠯᠢᠭ ᠤᠨ ᠢᠶᠠᠨ ᠨᠡᠷ᠎ᠡ ᠢᠢᠨ ᠡᠮᠦᠨ᠎ᠡ ᠡᠴᠡ ᠬᠦᠯᠢᠶᠡᠨ ᠠᠪᠴᠤ ᠪᠠᠢᠢᠭ᠎ᠠ ᠳᠤ ᠪᠠᠨ ᠲᠤᠢᠢᠯ ᠤᠨ ᠪᠠᠶᠠᠷᠲᠠᠢ ᠪᠠᠢᠢᠨ᠎ᠠ᠃ ᠶᠠᠭ ᠡᠨᠡ ᠲᠡᠦᠬᠡᠨ ᠮᠥᠴᠡ ᠳᠥ 《ᠾᠦ᠋》 ᠬᠠᠮᠲᠤᠯᠢᠭ ᠤᠨ ᠮᠠᠨᠢ ᠬᠥᠳᠡᠯᠮᠦᠷᠢᠴᠢ᠂ ᠠᠪᠢᠶᠠᠰᠯᠢᠭ᠂ ᠳᠠᠷᠠᠭᠤ ᠲᠥᠯᠥᠪ ᠵᠠᠯᠠᠭᠤᠰ ᠮᠠᠨᠢ ᠮᠣᠩ᠋ᠭᠣᠯ ᠤᠭᠰᠠᠭᠠᠲᠠᠨ ᠤ ᠴᠠᠭᠯᠠᠰᠢ ᠦᠭᠡᠢ ᠶᠡᠬᠡ ᠲᠡᠦᠬᠡ᠂ ᠥᠪ ᠰᠤᠶᠤᠯ᠂ ᠦᠨᠳᠦᠰᠦᠨ ᠦ ᠤᠷᠠᠯᠢᠭ᠂ ᠡᠬᠡ ᠰᠠᠢᠢᠬᠠᠨ ᠣᠷᠣᠨ ᠢᠶᠠᠨ ᠰᠤᠷᠲᠠᠯᠴᠢᠯᠠᠵᠤ᠂ ᠨᠡᠷ᠎ᠡ ᠠᠯᠳᠠᠷ ᠢᠶᠠᠨ ᠴᠤᠤᠷᠢᠶᠠᠲᠤᠭᠤᠯᠤᠨ᠂ ᠳᠡᠯᠡᠬᠡᠢ ᠢᠢᠨ ᠦᠵᠡᠭᠴᠢᠳ ᠢ ᠳᠠᠭᠤᠤ ᠬᠤᠭᠤᠷ ᠢᠶᠠᠷ ᠢᠶᠠᠨ ᠪᠠᠢᠢᠯᠳᠤᠨ ᠳᠠᠭᠠᠭᠤᠯᠤᠭᠰᠠᠭᠠᠷ ᠪᠠᠢᠢᠨ᠎ᠠ᠃
ᠡᠨᠡ ᠬᠦᠷᠲᠡᠯ᠎ᠡ ᠪᠢᠳᠡ ᠭᠠᠭᠴᠠᠭᠠᠷ ᠢᠶᠠᠨ ᠪᠠᠢᠢᠭ᠎ᠠ ᠦᠭᠡᠢ᠃ ᠬᠠᠢᠢᠷᠠᠲᠤ ᠬᠠᠨᠢ᠂ ᠭᠡᠷ ᠪᠦᠯᠢ᠂ ᠬᠠᠮᠲᠤᠯᠢᠭ ᠤᠨ ᠮᠧᠨᠧᠵᠧᠷ ᠦᠳ᠂ ᠨᠠᠢᠢᠵᠠ ᠨᠥᠬᠥᠳ ᠭᠡᠳ ᠬᠦᠴᠦ ᠬᠥᠳᠡᠯᠮᠦᠷᠢ᠂ ᠬᠦᠮᠦᠯᠢᠭ ᠰᠡᠳᠬᠢᠯ᠂ ᠲᠤᠰ ᠳᠡᠮ ᠢᠶᠡᠷ ᠢᠶᠡᠨ ᠡᠨᠡ ᠠᠮᠵᠢᠯᠲᠠ ᠢᠢ ᠬᠠᠮᠲᠤ ᠳᠤ ᠪᠠᠨ ᠪᠦᠲᠦᠭᠡᠭ᠍ᠰᠡᠨ ᠬᠦᠮᠦᠨ ᠨᠢᠭᠡ ᠪᠦᠷᠢ ᠳᠥ ᠭᠦᠨ ᠲᠠᠯᠠᠷᠬᠠᠯ ᠢᠶᠠᠨ ᠢᠯᠡᠷᠬᠡᠢᠢᠯᠡᠵᠦ ᠪᠠᠢᠢᠭ᠎ᠠ ᠢᠢ ᠮᠢᠨᠢ ᠬᠦᠯᠢᠶᠡᠨ ᠠᠪᠤᠨ᠎ᠠ ᠤᠤ᠃ ᠭᠠᠷᠳᠠᠬᠤ ᠢᠢ ᠨᠢ ᠪᠢ ᠭᠠᠷᠳᠠᠪᠠᠴᠤ᠂ ᠭᠠᠪᠢᠶ᠎ᠠ ᠢᠢ ᠨᠢ ᠲᠠ ᠪᠦᠬᠦᠨ ᠬᠠᠮᠲᠤ ᠳᠤ ᠪᠠᠨ ᠬᠦᠷᠲᠡᠬᠦ ᠶᠣᠰᠣᠲᠠᠢ ᠶᠤᠮ ᠰᠢᠦ᠃
ᠶᠡᠬᠡ ᠴᠠᠳᠢᠭᠲᠤ ᠡᠪᠦᠭᠡᠳ ᠦᠨ ᠢᠶᠡᠨ ᠲᠡᠦᠬᠡ ᠦᠭᠡᠢ ᠪᠡᠷ ᠪᠢᠳᠡ ᠬᠡᠨ ᠰᠡᠨ ᠪᠢᠯᠡ?
ᠶᠡᠬᠡ ᠣᠶᠤᠨᠳᠤ ᠡᠪᠦᠭᠡᠳ ᠦᠨ ᠢᠶᠡᠨ ᠦᠨᠡᠨ ᠰᠤᠷᠭᠠᠯ ᠦᠭᠡᠢ ᠪᠡᠷ ᠪᠢᠳᠡ ᠪᠠᠰᠠ ᠬᠡᠨ ᠰᠡᠨ ᠪᠢᠯᠡ?
ᠥᠨᠥ ᠢᠢᠨ ᠳᠡᠯᠡᠬᠡᠢ ᠳᠠᠬᠢᠨ ᠤ ᠰᠤᠶᠤᠯ ᠢᠷᠭᠡᠨᠰᠢᠯ ᠦᠨ ᠦᠨᠳᠦᠰᠦ ᠰᠠᠭᠤᠷᠢ ᠪᠣᠯᠤᠭᠰᠠᠨ ᠲᠥᠷᠥᠳᠥ ᠤᠯᠤᠰ᠂ ᠬᠠᠤᠯᠢ ᠴᠠᠭᠠᠵᠠ᠂ ᠬᠤᠳᠠᠯᠳᠤᠭ᠎ᠠ ᠠᠷᠠᠯᠵᠢᠶ᠎ᠠ᠂ ᠰᠢᠤᠳᠠᠨ ᠬᠣᠯᠪᠣᠭ᠎ᠠ᠂ ᠭᠦᠷᠦᠨ ᠳᠠᠮᠵᠢᠨ ᠵᠣᠷᠴᠢᠬᠤ ᠠᠯᠲᠠᠨ ᠭᠡᠷᠡᠭᠡ᠂ ᠰᠤᠶᠤᠯ ᠤᠨ ᠥᠪ ᠪᠣᠯᠤᠭᠰᠠᠨ ᠠᠩᠬᠠᠨ ᠤ ᠨᠠᠢᠢᠷᠠᠯ ᠬᠥᠭ᠍ᠵᠢᠮ ᠵᠡᠷᠭᠡ ᠤᠯᠤᠰ ᠣᠷᠣᠨ ᠨᠤᠭᠤᠳ ᠤᠨ ᠣᠷᠣᠰᠢᠨ ᠲᠣᠭᠲᠠᠨᠢᠯ᠂ ᠪᠦᠷᠢᠨ ᠡᠷᠬᠡ ᠢᠢᠨ ᠪᠠᠲᠤᠯᠠᠭ᠎ᠠ ᠪᠣᠯᠤᠭᠰᠠᠨ ᠦᠨᠳᠦᠰᠦ ᠰᠠᠭᠤᠷᠢ ᠭᠡᠳ ᠣᠯᠠᠨ ᠵᠦᠢᠯᠡᠰ ᠢ ᠪᠢᠳᠡᠨ ᠦ ᠡᠪᠦᠭᠡ ᠳᠡᠭᠡᠳᠦᠰ᠂ ᠮᠣᠩ᠋ᠭᠣᠯᠴᠤᠳ ᠪᠢᠳᠡ ᠬᠥᠮᠥᠨ ᠲᠥᠷᠥᠯᠬᠢᠲᠡᠨ ᠳᠥ ᠨᠡᠭᠡᠭᠡᠨ ᠥᠭ᠍ᠭᠦᠭ᠍ᠰᠡᠨ ᠪᠢᠯᠡ᠃
ᠪᠢᠳᠡ ᠡᠪ ᠡᠶ᠎ᠡ ᠢᠢ ᠬᠢᠴᠢᠶᠡᠵᠦ᠂ ᠡᠪᠯᠡᠯᠳᠦᠨ ᠨᠢᠭᠡᠳᠴᠦ ᠴᠢᠳᠠᠪᠠᠰᠤ ᠡᠪᠦᠭᠡ ᠳᠡᠭᠡᠳᠦᠰ ᠰᠢᠭ᠌ ᠢᠶᠡᠨ ᠣᠶᠤᠨ ᠰᠠᠨᠠᠭ᠎ᠠ ᠪᠠᠷ ᠬᠦᠴᠦᠷᠬᠡᠭ᠌ ᠤᠯᠤᠰ ᠭᠦᠷᠦᠨ ᠢ ᠳᠠᠬᠢᠨ ᠴᠣᠭᠴᠠᠯᠠᠭᠠᠵᠤ ᠴᠢᠳᠠᠨ᠎ᠠ ᠭᠡᠵᠦ ᠪᠢ ᠪᠣᠳᠣᠳᠠᠭ᠃
ᠲᠣᠭᠣᠷᠢᠭᠠᠳ ᠭᠠᠷᠬᠤ ᠦᠭᠡᠢ᠂ ᠲᠤᠭᠤᠯᠤᠭᠠᠳ ᠥᠩᠭᠡᠷᠡᠬᠦ ᠡᠨᠡ ᠪᠣᠭᠣᠨᠢᠬᠠᠨ ᠠᠮᠢᠳᠤᠷᠠᠯ ᠳᠤ ᠪᠠᠨ ᠢᠷᠡᠭᠡᠳᠦᠢ ᠬᠣᠢᠢᠴᠢ ᠦᠶ᠎ᠡ ᠢᠢᠨ ᠢᠶᠡᠨ ᠲᠥᠯᠥᠭᠡ ᠴᠢᠳᠠᠬᠤ ᠪᠦᠬᠦᠨ ᠢᠶᠡᠨ ᠬᠢᠭᠡᠳ᠂ ᠡᠪᠦᠭᠡ ᠳᠡᠭᠡᠳᠦᠰ ᠦᠨ ᠢᠶᠡᠨ ᠦᠢᠯᠡ ᠬᠡᠷᠡᠭ᠂ ᠬᠦᠰᠡᠯ ᠮᠥᠷᠥᠭᠡᠳᠦᠯ ᠢ ᠨᠢ ᠪᠠᠭ᠎ᠠ ᠴᠤ ᠪᠣᠯᠲᠤᠭᠠᠢ ᠤᠷᠤᠭᠰᠢᠯᠠᠭᠤᠯᠬᠤ ᠢᠢᠨ ᠲᠥᠯᠥᠭᠡ ᠪᠢᠳᠡ ᠠᠮᠢᠳᠤᠷᠠᠬᠤ ᠶᠣᠰᠣᠲᠠᠢ᠃
ᠪᠢ ᠲᠠ ᠪᠦᠬᠦᠨ ᠳᠥ ᠪᠡᠨ ᠡᠨᠡ ᠴᠠᠭ ᠳᠣᠣᠷ᠎ᠠ ᠶᠡᠬᠡ ᠡᠵᠡᠨ ᠴᠢᠩᠭᠢᠰ ᠬᠠᠭᠠᠨ ᠤ ᠪᠢᠯᠢᠭᠲᠥ ᠰᠤᠷᠭᠠᠯ ᠠᠴᠠ ᠥᠪᠡᠷ ᠦᠨ ᠬᠡᠯᠡᠬᠦ ᠳᠤᠷᠠᠲᠠᠢ ᠨᠢᠭᠡᠨ ᠡᠰᠢᠯᠡᠯ ᠢ ᠬᠡᠯᠡᠬᠦ ᠢᠢ ᠬᠦᠰᠡᠵᠦ ᠪᠠᠢᠢᠨ᠎ᠠ᠃
《ᠣᠯᠠᠨ ᠣᠮᠤᠭ ᠠᠢᠢᠮᠠᠭ ᠤᠨ ᠬᠦᠮᠦᠰ ᠴᠤᠬᠤᠮ ᠶᠠᠭᠤ ᠪᠣᠳᠣᠵᠤ ᠬᠦᠰᠡᠵᠦ ᠪᠠᠢᠢᠭ᠎ᠠ ᠢᠢ ᠣᠯᠵᠤ ᠮᠡᠳᠡᠬᠦ ᠢᠢ ᠬᠢᠴᠢᠶᠡᠭᠲᠦᠨ᠃ ᠶᠠᠭᠤ ᠬᠦᠰᠡᠵᠦ ᠪᠠᠢᠢᠭ᠎ᠠ ᠢᠢ ᠨᠢ ᠮᠡᠳᠡᠬᠦ ᠦᠭᠡᠢ ᠪᠡᠷ ᠲᠡᠳᠡᠨ ᠢ ᠳᠠᠭᠠᠭᠤᠯᠤᠨ ᠲᠡᠷᠢᠭᠦᠯᠡᠨ᠎ᠡ ᠭᠡᠵᠦ ᠦᠭᠡᠢ᠃ ᠥᠴᠥᠭᠡᠳᠦᠷ ᠶᠡᠬᠡ ᠰᠠᠭᠤᠷᠢᠨ ᠳᠤ ᠰᠠᠭᠤᠮᠠᠭᠴᠠ᠂ ᠥᠨᠥᠳᠥᠷ ᠤᠯᠤᠰ ᠤᠨ ᠬᠡᠷᠡᠭ ᠢ ᠣᠷᠬᠢᠵᠤ᠂ ᠪᠡᠶ᠎ᠡ ᠢᠢᠨ ᠵᠢᠷᠭᠠᠯ ᠢ ᠡᠷᠢᠪᠡᠰᠦ ᠡᠨᠡ ᠦᠶ᠎ᠡ ᠳᠡᠭᠡᠨ ᠪᠣᠯ ᠲᠥᠷᠥ ᠢᠢᠨ ᠶᠣᠰᠣᠨ ᠳᠤ ᠬᠠᠷᠰᠢ᠂ ᠡᠴᠦᠰ ᠬᠣᠢᠢᠲᠤ ᠳᠤ ᠪᠠᠨ ᠪᠣᠯ ᠦᠷ᠎ᠡ ᠠᠴᠢ᠂ ᠵᠠᠯᠭᠠᠮᠵᠢᠯᠠᠭᠴᠢ ᠨᠠᠷ ᠲᠤ ᠮᠠᠭᠤ ᠰᠤᠷᠲᠠᠯ ᠢ ᠦᠯᠡᠳᠡᠭᠡᠬᠦ ᠭᠡᠮ ᠲᠡᠢ》 ᠭᠡᠵᠦ ᠠᠢᠢᠯᠠᠳᠤᠭᠰᠠᠨ ᠰᠤᠤᠲᠤ ᠪᠣᠭᠳᠠ ᠴᠢᠩᠭᠢᠰ ᠬᠠᠭᠠᠨ ᠤ ᠮᠡᠷᠭᠡᠨ ᠰᠤᠷᠭᠠᠯ᠂ ᠦᠭᠡ ᠪᠦᠷᠢ ᠴᠠᠭ ᠡᠯᠡᠭᠡᠬᠦ ᠲᠤᠲᠤᠮ ᠠᠮᠢᠳᠤ ᠪᠠᠢᠢᠵᠤ᠂ ᠦᠨᠡᠨ ᠢ ᠰᠤᠷᠭᠠᠭᠰᠠᠭᠠᠷ᠂ ᠠᠮᠢᠳᠤ ᠵᠠᠷᠯᠢᠭ ᠨᠢ ᠠᠯᠲᠠ ᠠᠴᠠ ᠴᠤ ᠦᠨ᠎ᠡ ᠲᠡᠢ ᠪᠣᠯᠬᠤ ᠢᠢ ᠤᠬᠠᠭᠠᠷᠠᠵᠤ ᠪᠠᠢᠢᠭ᠎ᠠ ᠪᠠᠨ ᠬᠡᠯᠡᠬᠦ ᠨᠢ ᠵᠦᠢᠲᠡᠢ ᠪᠠᠢᠢᠬᠤ᠃
ᠵᠢᠯ ᠪᠦᠷᠢ ᠢᠢᠨ ᠡᠨᠡ ᠴᠠᠭ ᠳᠣᠣᠷ᠎ᠠ ᠡᠵᠡᠨ ᠬᠠᠭᠠᠨ ᠤ ᠪᠠᠨ ᠰᠤᠷᠭᠠᠯ ᠵᠠᠷᠯᠢᠭ ᠢ ᠬᠡᠯᠡᠯᠴᠡᠵᠦ᠂ ᠦᠷ᠎ᠡ ᠬᠣᠢᠢᠴᠢᠰ ᠲᠤ ᠪᠠᠨ ᠵᠠᠬᠢᠨ ᠦᠯᠡᠳᠡᠭᠡᠵᠦ ᠪᠠᠢᠢᠬᠤ ᠰᠠᠨᠠᠭᠠᠴᠢᠯᠠᠭ᠎ᠠ ᠢᠢ ᠶᠡᠬᠡ ᠡᠵᠡᠨ ᠴᠢᠩᠭᠢᠰ ᠬᠠᠭᠠᠨ ᠤ ᠮᠡᠨᠳᠦᠯᠡᠭᠰᠡᠨ ᠡᠨᠡ ᠡᠳᠦᠷ᠂ ᠪᠣᠭᠳᠠ ᠳᠡᠭᠡᠳᠦᠰ ᠦᠨ ᠢᠶᠡᠨ ᠥᠨᠳᠥᠷ ᠶᠡᠬᠡ ᠠᠯᠳᠠᠷ ᠢᠶᠠᠷ ᠰᠣᠶᠣᠷᠬᠠᠭᠰᠠᠨ᠂ ᠮᠣᠩ᠋ᠭᠣᠯ ᠲᠥᠷᠥ ᠢᠢᠨ ᠲᠡᠷᠢᠭᠦᠨ ᠡᠷᠬᠢᠮ ᠳᠡᠭᠡᠳᠦ ᠣᠳᠣᠨ ᠢ ᠤᠯᠤᠰ ᠤᠨ ᠢᠶᠠᠨ ᠲᠥᠷᠥ ᠢᠢᠨ ᠲᠡᠷᠢᠭᠦᠨ ᠡᠴᠡ ᠭᠠᠷᠳᠠᠨ ᠠᠪᠤᠭᠰᠠᠨ ᠡᠨᠡ ᠴᠠᠭ ᠮᠥᠴᠡ ᠳᠥ ᠮᠢᠨᠦ ᠪᠡᠶ᠎ᠡ ᠭᠠᠷᠭᠠᠵᠤ ᠪᠠᠢᠢᠨ᠎ᠠ᠃
ᠬᠥᠷᠥᠰᠥᠳᠥ ᠳᠡᠯᠡᠬᠡᠢ ᠳᠥ ᠳᠡᠭᠡᠳᠦ ᠬᠥᠬᠡ ᠲᠩᠷᠢ ᠢᠢᠨ ᠳᠣᠣᠷ᠎ᠠ
ᠬᠦᠴᠦᠷᠬᠡᠭ᠌ ᠪᠣᠯᠬᠤ ᠢᠢ ᠳᠠᠬᠢᠨ ᠬᠠᠷᠠᠭᠤᠯᠤᠨ
ᠡᠪᠦᠭᠡ ᠳᠡᠭᠡᠳᠦᠰ ᠦᠨ ᠢᠶᠡᠨ ᠦᠵᠡᠯ ᠰᠠᠨᠠᠭ᠎ᠠ
ᠥᠪ ᠰᠤᠶᠤᠯ ᠣᠶᠤᠨ ᠢ ᠳᠠᠬᠢᠨ ᠮᠠᠨᠳᠤᠭᠤᠯᠬᠤ ᠢᠢᠨ ᠲᠥᠯᠥᠭᠡ ᠪᠦᠬᠦ ᠬᠦᠴᠦ ᠪᠡᠨ ᠵᠣᠷᠢᠭᠤᠯᠤᠨ
ᠬᠣᠢᠢᠴᠢ ᠦᠶ᠎ᠡ ᠳᠡᠭᠡᠨ ᠬᠦᠴᠦᠷᠬᠡᠭ᠌ ᠮᠣᠩ᠋ᠭᠣᠯ ᠢᠶᠠᠨ ᠤᠯᠠᠮᠵᠢᠯᠠᠭᠤᠯᠤᠨ ᠦᠯᠡᠳᠡᠭᠡᠵᠦ᠂ ᠤᠬᠠᠭᠤᠯᠤᠨ ᠰᠡᠷᠭᠦᠭᠡᠵᠦ ᠶᠠᠪᠤᠬᠤ ᠪᠠᠨ ᠲᠥᠷᠥ ᠢᠢᠨ ᠰᠦᠯᠳᠡ᠂ ᠶᠢᠰᠦᠨ ᠬᠥᠯᠲᠦ ᠶᠡᠬᠡ ᠴᠠᠭᠠᠨ ᠲᠤᠭ ᠤᠨ ᠢᠶᠠᠨ ᠡᠮᠦᠨ᠎ᠡ ᠠᠮᠠᠯᠠᠨ ᠲᠠᠩᠭᠠᠷᠢᠭᠯᠠᠶ᠎ᠠ᠃
ᠮᠥᠩᠬᠡ ᠲᠩᠷᠢ ᠪᠢᠳᠡᠨ ᠢ ᠢᠪᠡᠭᠡᠭ᠌》 ᠭᠡᠯ᠎ᠡ᠃