ᠮᠣᠩ᠋ᠭᠣᠯ ᠤᠯᠤᠰ ᠤᠨ ᠶᠡᠷᠦᠩᠬᠡᠶᠢᠯᠡᠭᠴᠢ ᠬᠠᠯᠲᠠᠮ᠎ᠠ ᠶᠢᠨ ᠪᠠᠲᠤᠲᠤᠯᠭ᠎ᠠ ᠮᠣᠩ᠋ᠭᠣᠯ ᠲᠦᠮᠡᠨ ᠦ ᠪᠠᠬᠠᠷᠬᠠᠯᠳᠤ ᠥᠪ ᠰᠣᠶᠣᠯ᠂ ᠦᠶ᠎ᠡ ᠡᠴᠡ ᠦᠶ᠎ᠡ ᠳᠥ ᠤᠯᠠᠮᠵᠢᠯᠠᠭᠳᠠᠨ ᠢᠷᠡᠭᠰᠡᠨ ᠠᠮᠠᠨ ᠪᠢᠯᠢᠭ᠌ ᠦᠨ ᠡᠬᠢ ᠤᠨᠳᠤᠷᠭ᠎ᠠ ᠪᠣᠯᠤᠭᠰᠠᠨ ᠪᠠᠭᠠᠲᠤᠷᠯᠢᠭ ᠲᠤᠤᠯᠢᠰ ᠢᠶᠠᠨ ᠳᠡᠭᠡᠳᠦᠯᠡᠨ᠂ ᠳᠡᠯᠭᠡᠷᠡᠭᠦᠯᠬᠦ ᠵᠣᠷᠢᠯᠭ᠎ᠠ ᠪᠠᠷ 2019 ᠣᠨ ᠤ 01 ᠳᠦᠭᠡᠷ ᠰᠠᠷ᠎ᠠ ᠶᠢᠨ 29 ᠍ ᠦ ᠡᠳᠦᠷ 《ᠮᠣᠩ᠋ᠭᠣᠯ ᠪᠠᠭᠠᠲᠤᠷᠯᠢᠭ ᠲᠤᠤᠯᠢᠰ ᠢᠶᠠᠨ ᠳᠡᠭᠡᠳᠦᠯᠡᠨ ᠳᠡᠯᠭᠡᠷᠡᠭᠦᠯᠬᠦ ᠲᠤᠬᠠᠢ》 13 ᠳ᠋ᠤᠭᠠᠷ ᠵᠠᠷᠯᠢᠭ ᠭᠠᠷᠭᠠᠭᠰᠠᠨ ᠪᠢᠯᠡ᠃
ᠵᠠᠷᠯᠢᠭ ᠲᠤ ᠪᠢᠴᠢᠭᠰᠡᠨᠴᠢᠯᠡᠨ 《ᠵᠢᠯ ᠪᠦᠷᠢ ᠶᠢᠨ ᠴᠠᠭᠠᠨ ᠰᠠᠷ᠎ᠠ ᠶᠢᠨ ᠪᠠᠶᠠᠷ ᠢ ᠲᠣᠬᠢᠶᠠᠯᠳᠤᠭᠤᠯᠤᠨ ᠬᠠᠪᠤᠷ ᠤᠨ ᠲᠡᠷᠢᠭᠦᠨ ᠰᠠᠷ᠎ᠠ ᠶᠢᠨ ᠰᠢᠨ᠎ᠡ ᠶᠢᠨ ᠭᠤᠷᠪᠠᠨ ᠤ ᠡᠳᠦᠷ᠂ ᠮᠣᠩ᠋ᠭᠣᠯ ᠪᠠᠬᠠᠷᠬᠠᠯ ᠤᠨ ᠡᠳᠦᠷ ᠢ ᠲᠣᠬᠢᠶᠠᠯᠳᠤᠭᠤᠯᠤᠨ ᠡᠪᠦᠯ ᠦᠨ ᠲᠡᠷᠢᠭᠦᠨ ᠰᠠᠷ᠎ᠠ ᠶᠢᠨ ᠰᠢᠨ᠎ᠡ ᠶᠢᠨ ᠭᠤᠷᠪᠠᠨ ᠤ ᠡᠳᠦᠷ ᠲᠥᠷᠥ ᠶᠢᠨ ᠶᠣᠰᠣᠯᠠᠯ ᠬᠦᠨᠳᠦᠳᠬᠡᠯ ᠦᠨ ᠥᠷᠭᠦᠭᠡᠨ ᠳᠥ ᠪᠠᠭᠠᠲᠤᠷᠯᠢᠭ ᠲᠤᠤᠯᠢᠰ ᠢ ᠬᠠᠶᠢᠯᠠᠵᠤ ᠪᠠᠶᠢᠬᠤ ᠪᠠᠷ ᠲᠣᠭᠲᠠᠭᠠᠭᠰᠠᠨ ᠤ ᠳᠠᠭᠠᠭᠤ ᠥᠨᠥᠳᠥᠷ ᠲᠥᠷᠥ ᠶᠢᠨ ᠣᠷᠳᠣᠨ ᠤ ᠶᠣᠰᠣᠯᠠᠯ ᠬᠦᠨᠳᠦᠳᠬᠡᠯ ᠦᠨ ᠥᠷᠭᠥᠭᠡ ᠭᠡᠷ ᠲᠥ 《ᠳᠣᠯᠣᠭᠠᠨ ᠲᠦᠮᠡᠨ ᠨᠠᠰᠤᠲᠠᠢ ᠳᠣᠪᠣᠨ ᠬᠠᠷ᠎ᠠ ᠪᠥᠬᠡ》 ᠲᠤᠤᠯᠢ ᠶᠢ ᠬᠠᠶᠢᠯᠠᠯ᠎ᠠ᠃
ᠲᠤᠤᠯᠢ ᠬᠠᠶᠢᠯᠠᠬᠤ ᠶᠢᠨ ᠡᠮᠦᠨ᠎ᠡ ᠵᠠᠪᠠᠯ ᠠᠯᠲᠠᠢ ᠶᠢᠨ ᠮᠠᠭᠲᠠᠭᠠᠯ ᠬᠡᠯᠡᠵᠦ᠂ ᠠᠯᠲᠠᠢ ᠳᠡᠯᠡᠬᠡᠢ ᠪᠡᠨ ᠠᠷᠭᠠᠳᠠᠭᠠᠳ ᠰᠠᠶ᠋ᠢ ᠲᠤᠤᠯᠢ ᠪᠠᠨ ᠬᠠᠶᠢᠯᠠᠵᠤ ᠡᠬᠢᠯᠡᠳᠡᠭ᠃ ᠭᠠᠩ ᠭᠠᠴᠢᠭ᠂ ᠵᠤᠳ ᠲᠤᠷᠬᠠᠨ᠂ ᠡᠪᠡᠳᠴᠢᠨ ᠵᠣᠪᠠᠯᠠᠩ᠂ ᠭᠠᠢ ᠪᠠᠷᠴᠠᠳ ᠲᠣᠬᠢᠶᠠᠯᠳᠤᠬᠤ ᠠᠪᠠᠰᠤ ᠠᠯᠲᠠᠢ ᠪᠠᠨ ᠮᠠᠭᠲᠠᠬᠤ ᠳᠤ ᠪᠦᠬᠦ ᠶᠤᠮ ᠰᠠᠶᠢᠨ ᠰᠠᠶᠢᠬᠠᠨ ᠪᠣᠯᠳᠠᠭ ᠬᠡᠮᠡᠨ ᠡᠷᠲᠡᠨ ᠦ ᠲᠤᠤᠯᠢᠴᠢᠳ ᠦᠵᠡᠳᠡᠭ ᠪᠠᠶᠢᠵᠡᠢ᠃
ᠡᠨᠡ ᠳᠠᠭᠠᠭᠤ ᠳᠠᠶᠢᠴᠢᠨ ᠸᠠᠩ ᠤᠨ ᠬᠣᠰᠢᠭᠤᠨ ᠤ ᠲᠤᠰᠯᠠᠬᠤ ᠲᠠᠶᠢᠵᠢ᠂ ᠲᠥᠷᠥ ᠶᠢᠨ ᠮᠡᠷᠭᠡᠨ ᠲᠦᠰᠢᠶ᠎ᠡ ᠠᠭᠰᠠᠨ ᠳᠠᠨᠳᠠᠷᠳᠣᠷᠵᠢ ᠶᠢᠨ ᠦᠷ᠎ᠡ ᠤᠳᠤᠮ᠂ ᠲᠤᠤᠯᠢᠴᠢ ᠳᠠᠨᠳᠠᠷᠳᠣᠷᠵᠢ ᠶᠢᠨ ᠥᠯᠵᠡᠢ᠂ ᠠᠯᠲᠠᠢ ᠶᠢᠨ ᠭᠠᠯ ᠳᠤ ᠪᠠᠭᠳᠠᠬᠤ ᠳᠥᠷᠪᠡ ᠳ᠋ᠡᠬᠢ ᠦᠶ᠎ᠡ ᠶᠢᠨ ᠤᠳᠤᠮ ᠳᠠᠮᠵᠢᠭᠰᠠᠨ ᠲᠤᠤᠯᠢᠴᠢ ᠡᠷᠳᠡᠨᠢᠴᠣᠭᠲᠤ ᠶᠢᠨ ᠪᠠᠭᠠᠲᠤᠷᠵᠠᠪ᠂ ᠤᠷᠢᠶᠠᠩᠬᠠᠢ ᠶᠢᠨ ᠠᠯᠳᠠᠷᠲᠤ ᠬᠥᠯᠭᠡᠨ ᠲᠤᠤᠯᠢᠴᠢ ᠵᠢᠯᠬᠡᠷ ᠦᠨ ᠤᠳᠤᠮ ᠤᠨ 9 ᠳ᠋ᠡᠬᠢ ᠦᠶ᠎ᠡ ᠶᠢᠨ ᠲᠤᠤᠯᠢᠴᠢ ᠠᠪᠢᠷᠢᠮᠡᠳ ᠦᠨ ᠪᠠᠯᠳᠠᠨᠳᠣᠷᠵᠢ ᠨᠠᠷ ᠠᠯᠲᠠᠢ᠂ ᠬᠠᠩ᠋ᠭᠠᠢ ᠶᠢᠨ ᠮᠠᠭᠲᠠᠭᠠᠯ ᠢ ᠥᠪᠡᠷᠮᠢᠴᠡ ᠳᠢᠭ ᠦᠨ ᠳᠠᠭᠠᠭᠤ ᠰᠢᠭᠤᠳ ᠴᠡᠴᠡᠯᠡᠯᠲᠡ ᠪᠡᠷ᠂ ᠳᠠᠷᠠᠭ᠎ᠠ ᠨᠢ 《ᠳᠣᠯᠣᠭᠠᠨ ᠲᠦᠮᠡᠨ ᠨᠠᠰᠤᠲᠠᠢ ᠳᠣᠪᠣᠨ ᠬᠠᠷ᠎ᠠ ᠪᠥᠬᠡ》 ᠲᠤᠤᠯᠢ ᠶᠢ ᠬᠠᠶᠢᠯᠠᠯ᠎ᠠ᠃
ᠲᠤᠤᠯᠢ ᠬᠠᠶᠢᠯᠠᠬᠤ ᠦᠶ᠎ᠡ ᠪᠡᠷ ᠮᠣᠩ᠋ᠭᠣᠯ ᠤᠯᠤᠰ ᠤᠨ ᠶᠡᠷᠦᠩᠬᠡᠶᠢᠯᠡᠭᠴᠢ ᠬ ∙ ᠪᠠᠲᠤᠲᠤᠯᠭ᠎ᠠ᠂ ᠤᠯᠤᠰ ᠤᠨ ᠶᠡᠬᠡ ᠬᠤᠷᠠᠯ᠂ ᠵᠠᠰᠠᠭ ᠤᠨ ᠭᠠᠵᠠᠷ ᠤᠨ ᠭᠡᠰᠢᠭᠦᠨ ᠶᠣ᠊ ∙ ᠪᠠᠭᠠᠲᠤᠷᠪᠢᠯᠢᠭ᠌᠂ ᠮᠣᠩ᠋ᠭᠣᠯ ᠤᠯᠤᠰ ᠤᠨ ᠶᠡᠷᠦᠩᠬᠡᠶᠢᠯᠡᠭᠴᠢ ᠶᠢᠨ ᠲᠠᠮᠠᠭ᠎ᠠ ᠶᠢᠨ ᠭᠠᠵᠠᠷ ᠤᠨ ᠳᠠᠷᠤᠭ᠎ᠠ ᠵ∙ ᠡᠩᠬᠡᠪᠣᠯᠤᠳ᠂ ᠦᠨᠳᠦᠰᠦᠨ ᠦ ᠠᠶᠤᠯ ᠦᠭᠡᠢ ᠪᠠᠶᠢᠳᠠᠯ ᠤᠨ ᠵᠥᠪᠯᠡᠯ ᠦᠨ ᠨᠠᠷᠢᠨ ᠪᠢᠴᠢᠭ᠌ ᠦᠨ ᠳᠠᠷᠤᠭ᠎ᠠ ᠠ᠊ ∙ ᠭᠠᠩᠰᠦ᠋ᠬᠡ᠂ ᠲᠤᠤᠯᠢᠴᠢᠳ᠂ ᠲᠤᠤᠯᠢ ᠰᠤᠳᠤᠯᠤᠭᠠᠴᠢᠳ ᠪᠠᠶᠢᠪᠠ᠃
ᠲᠤᠤᠯᠢ ᠬᠠᠶᠢᠯᠠᠬᠤ ᠢᠢᠨ ᠡᠮᠦᠨ᠎ᠠ ᠮᠣᠩ᠋ᠭᠣᠯ ᠤᠯᠤᠰ ᠤᠨ ᠶᠡᠷᠦᠩᠬᠡᠶᠢᠯᠡᠭᠴᠢ ᠬ ∙ ᠪᠠᠲᠤᠲᠤᠯᠭ᠎ᠠ᠂ ᠄
《ᠬᠦᠷᠦᠯᠴᠡᠨ ᠢᠷᠡᠭᠰᠡᠨ ᠵᠣᠴᠢᠳ᠂
ᠲᠥᠷᠥ ᠶᠢᠨ ᠶᠣᠰᠣᠯᠠᠯ ᠬᠦᠨᠳᠦᠳᠬᠡᠯ ᠦᠨ ᠥᠷᠭᠥᠭᠡ ᠭᠡᠷ ᠲᠥ ᠮᠣᠷᠢᠯᠠᠨ ᠢᠷᠡᠭᠰᠡᠨ ᠲᠤᠤᠯᠢᠴᠢ᠂ ᠰᠤᠳᠤᠯᠤᠭᠠᠴᠢᠳ ᠲᠠ ᠪᠦᠬᠦᠨ ᠳᠥ ᠡᠨᠡ ᠡᠳᠦᠷ ᠦᠨ ᠮᠡᠨᠳᠦ ᠬᠦᠷᠭᠡᠶ᠎ᠡ᠃
ᠮᠣᠩ᠋ᠭᠣᠯ ᠤᠯᠤᠰ ᠤᠨ ᠶᠡᠷᠦᠩᠬᠡᠶᠢᠯᠡᠭᠴᠢ ᠮᠢᠨᠦ ᠪᠡᠶ᠎ᠡ 2019 ᠣᠨ ᠤ 01 ᠳᠦᠭᠡᠷ ᠰᠠᠷ᠎ᠠ ᠶᠢᠨ 29 ᠍ ᠦ ᠡᠳᠦᠷ 《ᠮᠣᠩ᠋ᠭᠣᠯ ᠪᠠᠭᠠᠲᠤᠷᠯᠢᠭ ᠲᠤᠤᠯᠢᠰ ᠢᠶᠠᠨ ᠳᠡᠭᠡᠳᠦᠯᠡᠨ ᠳᠡᠯᠭᠡᠷᠡᠭᠦᠯᠬᠦ ᠲᠤᠬᠠᠢ》 13 ᠳ᠋ᠤᠭᠠᠷ ᠵᠠᠷᠯᠢᠭ ᠭᠠᠷᠭᠠᠭᠰᠠᠨ ᠤ ᠳᠠᠭᠠᠭᠤ ᠶᠡᠬᠡ ᠡᠵᠡᠨ ᠴᠢᠩᠭᠢᠰ ᠬᠠᠭᠠᠨ ᠤ ᠮᠡᠨᠳᠦᠯᠡᠭᠰᠡᠨ ᠮᠣᠩ᠋ᠭᠣᠯ ᠪᠠᠬᠠᠷᠬᠠᠯ ᠤᠨ ᠡᠳᠦᠷ ᠢ ᠲᠣᠬᠢᠶᠠᠯᠳᠤᠭᠤᠯᠤᠨ ᠡᠪᠦᠯ ᠦᠨ ᠲᠡᠷᠢᠭᠦᠨ ᠰᠠᠷ᠎ᠠ ᠶᠢᠨ ᠰᠢᠨ᠎ᠡ ᠶᠢᠨ ᠭᠤᠷᠪᠠᠨ ᠤ ᠴᠠᠭᠠᠨ ᠮᠣᠷᠢ ᠡᠳᠦᠷ 《ᠳᠣᠯᠣᠭᠠᠨ ᠲᠦᠮᠡᠨ ᠨᠠᠰᠤᠲᠠᠢ ᠳᠣᠪᠣᠨ ᠬᠠᠷ᠎ᠠ ᠪᠥᠬᠡ》 ᠲᠤᠤᠯᠢ ᠶᠢ ᠬᠠᠶᠢᠯᠠᠬᠤ ᠭᠡᠵᠦ ᠪᠠᠶᠢᠨ᠎ᠠ᠃
ᠲᠤᠤᠯᠢ ᠬᠠᠶᠢᠯᠠᠬᠤ ᠵᠠᠩ ᠦᠢᠯᠡ ᠨᠢ ᠲᠥᠷᠦ ᠶᠢᠨ ᠶᠣᠰᠣᠯᠠᠯ ᠳᠤ ᠬᠦᠨᠳᠦᠲᠡᠢ ᠪᠠᠶᠢᠷᠢ ᠡᠵᠡᠯᠡᠳᠡᠭ ᠤᠯᠠᠮᠵᠢᠯᠠᠯ᠂ ᠵᠠᠩ ᠵᠠᠩᠰᠢᠯ᠂ ᠠᠷᠠᠳ ᠤᠨ ᠳᠣᠮᠣᠭ ᠵᠦᠢ ᠶᠢᠨ ᠰᠡᠳᠬᠢᠯᠭᠡ᠂ ᠰᠣᠶᠣᠯ ᠤᠨ ᠨᠠᠨᠳᠢᠨ ᠥᠪ ᠪᠢᠯᠡ᠃ ᠬᠦᠮᠦᠨ ᠲᠥᠷᠦᠯᠬᠢᠲᠡᠨ ᠦ ᠰᠣᠶᠣᠯ ᠤᠨ ᠥᠪ ᠲᠥ ᠮᠣᠩ᠋ᠭᠣᠯᠴᠤᠳ ᠤᠨ ᠣᠷᠣᠭᠤᠯᠤᠭᠰᠠᠨ ᠰᠣᠳᠣᠨ ᠬᠤᠪᠢ ᠨᠡᠮᠡᠷᠢ ᠪᠣᠯᠬᠤ ᠮᠣᠩ᠋ᠭᠣᠯ ᠲᠤᠤᠯᠢ ᠶᠢ 2009 ᠣᠨ ᠳᠤ United Nations Educational Scientific and Cultural Organization ᠍ ᠠᠴᠠ 《ᠶᠠᠭᠠᠷᠠᠯᠲᠠᠢ ᠬᠠᠮᠠᠭᠠᠯᠠᠬᠤ ᠱᠠᠭᠠᠷᠳᠠᠯᠭ᠎ᠠ ᠲᠠᠢ ᠰᠣᠶᠣᠯ ᠤᠨ ᠪᠡᠶᠡᠲᠦ ᠪᠤᠰᠤ ᠥᠪ ᠦᠨ ᠳᠡᠯᠡᠬᠡᠢ ᠶᠢᠨ ᠵᠢᠭ᠌ᠰᠠᠭᠠᠯᠲᠠ》 ᠍ ᠲᠤ ᠪᠦᠷᠢᠳᠬᠡᠨ ᠲᠤᠩ᠋ᠬᠠᠭᠯᠠᠭᠰᠠᠨ ᠪᠠᠶᠢᠳᠠᠭ᠃
ᠡᠷᠲᠡ ᠴᠠᠭ ᠠᠴᠠ ᠲᠤᠤᠯᠢ ᠶᠢ ᠢᠷᠭᠡᠨ ᠦ ᠪᠣᠯᠤᠭᠠᠳ ᠲᠥᠷᠥ ᠶᠢᠨ ᠶᠣᠰᠣᠯᠠᠯ ᠤᠨ ᠦᠶ᠎ᠡ ᠳᠥ ᠬᠠᠶᠢᠯᠠᠳᠠᠭ ᠤᠯᠠᠮᠵᠢᠯᠠᠯ ᠲᠠᠢ ᠪᠠᠶᠢᠵᠠᠢ᠃ ᠲᠤᠤᠯᠢ ᠳᠤ ᠮᠣᠩ᠋ᠭᠣᠯ ᠬᠦᠮᠦᠨ ᠦ ᠬᠦᠰᠡᠯ ᠮᠥᠷᠥᠭᠡᠳᠦᠯ᠂ ᠣᠪᠣᠭ ᠠᠶᠢᠮᠠᠭ᠂ ᠤᠭᠰᠠᠭᠠᠲᠠᠨ ᠤ ᠢᠯᠠᠭᠳᠠᠰᠢ ᠦᠭᠡᠢ ᠬᠦᠴᠦ᠂ ᠬᠦᠰᠡᠯ ᠵᠣᠷᠢᠭ ᠤᠨ ᠢᠯᠡᠷᠬᠡᠶᠢᠯᠡᠯ ᠲᠤᠰᠠᠭᠰᠠᠨ ᠪᠠᠶᠢᠳᠠᠭ᠃ ᠲᠤᠤᠯᠢ ᠠᠴᠠ ᠮᠣᠩ᠋ᠭᠣᠯ ᠤᠬᠠᠭᠠᠨ᠂ ᠵᠠᠩ ᠵᠠᠩᠰᠢᠯ᠂ ᠥᠪ ᠤᠯᠠᠮᠵᠢᠯᠠᠯ᠂ ᠮᠣᠩ᠋ᠭᠣᠯ ᠡᠷ᠎ᠡ ᠬᠦᠮᠦᠨ ᠦ ᠵᠣᠷᠢᠭ᠂ ᠮᠣᠩ᠋ᠭᠣᠯ ᠮᠣᠷᠢᠨ ᠤ ᠰᠢᠨᠳᠠᠰᠤ᠂ ᠪᠠᠶᠢᠭᠠᠯᠢ ᠢᠢᠨ ᠰᠦᠷ ᠬᠦᠴᠦᠨ᠂ ᠮᠣᠩ᠋ᠭᠣᠯ ᠭᠡᠷ ᠦᠨ ᠪᠣᠯᠤᠨ ᠲᠥᠷᠦ ᠶᠢᠨ ᠶᠣᠰᠣᠨ ᠤ ᠡᠬᠢᠯᠡᠯ ᠡᠭᠦᠰᠦᠯ ᠢ ᠦᠭᠡ ᠶᠢᠨ ᠭᠠᠶᠢᠬᠠᠮᠰᠢᠭ ᠢᠶᠠᠷ ᠪᠠᠬᠠᠳᠤᠨ ᠪᠦᠲᠦᠭᠡᠭ᠍ᠰᠡᠨ ᠢ ᠬᠠᠷᠠᠵᠤ ᠪᠣᠯᠤᠨ᠎ᠠ᠃
XX ᠵᠠᠭᠤᠨ ᠤ ᠳᠤᠮᠳᠠ ᠦᠶ᠎ᠡ ᠡᠴᠡ XXI ᠵᠠᠭᠤᠨ ᠤ ᠡᠬᠢᠨ ᠦᠶ᠎ᠡ ᠬᠦᠷᠲᠡᠯᠡᠬᠢ ᠵᠤᠷᠪᠤᠰ ᠬᠤᠭᠤᠴᠠᠭᠠᠨ ᠳᠤ ᠮᠣᠩ᠋ᠭᠣᠯ ᠲᠤᠤᠯᠢ ᠶᠢᠨ ᠠᠮᠢᠳᠤ ᠤᠯᠠᠮᠵᠢᠯᠠᠯ ᠲᠠᠰᠤᠷᠠᠬᠤ ᠡᠷᠦᠰᠳᠡᠯ ᠲᠤᠯᠭᠠᠷᠠᠭᠠᠳ ᠪᠠᠶᠢᠭᠰᠠᠨ ᠶᠤᠮ᠃ ᠡᠭᠦᠨ ᠢ ᠪᠢᠯᠢᠭ᠌ ᠣᠶᠤᠨ ᠳᠤ ᠠᠷᠠᠳ ᠤᠨ ᠲᠤᠤᠯᠢᠴᠢᠳ᠂ ᠦᠶ᠎ᠡ ᠳᠠᠮᠵᠢᠭᠤᠯᠤᠨ ᠥᠪᠯᠡᠨ ᠳᠡᠯᠭᠡᠷᠡᠭᠦᠯᠦᠭᠰᠡᠨ ᠢᠶᠡᠷ ᠲᠤᠤᠯᠢ ᠶᠢᠨ ᠥᠪ ᠰᠤᠶᠤᠯ ᠮᠥᠬᠥᠬᠦ ᠠᠶᠤᠯ ᠢ ᠭᠡᠲᠦᠯᠭᠡᠵᠦ ᠴᠢᠳᠠᠭᠰᠠᠨ ᠪᠠᠶᠢᠳᠠᠭ᠃
ᠮᠣᠩ᠋ᠭᠣᠯ ᠲᠤᠤᠯᠢ ᠶᠢ ᠡᠪᠦᠭᠡ ᠳᠡᠭᠡᠳᠦᠰ ᠦᠨ ᠰᠡᠴᠡᠨ ᠰᠤᠷᠭᠠᠯ᠂ ᠪᠢᠯᠢᠭ᠌ ᠨᠣᠮᠯᠠᠯ ᠬᠡᠮᠡᠨ ᠦᠵᠡᠵᠦ᠂ ᠠᠷᠠᠳ ᠲᠦᠮᠡᠨ ᠦ ᠣᠢ ᠤᠬᠠᠭᠠᠨ ᠢ ᠠᠮᠠᠨ ᠳᠠᠮᠵᠢᠯᠭ᠎ᠠ᠂ ᠴᠡᠭᠡᠵᠢ ᠡᠷᠳᠡᠮ ᠢᠶᠡᠷ ᠳᠠᠮᠵᠢᠭᠤᠯᠤᠨ᠂ ᠥᠷᠲᠡᠭᠡᠯᠡᠨ ᠲᠡᠭᠡᠭᠡᠭ᠍ᠰᠡᠭᠡᠷ ᠥᠨᠥᠳᠥᠷ ᠦᠨ ᠪᠢᠳᠡᠨ ᠳᠥ ᠠᠪᠴᠢᠷᠠᠭᠰᠠᠨ ᠲᠤᠤᠯᠢᠴᠢᠳ ᠲᠤ ᠪᠠᠨ ᠭᠦᠨ ᠲᠠᠯᠠᠷᠬᠠᠯ ᠢᠯᠡᠷᠬᠡᠶᠢᠯᠡᠶ᠎ᠡ᠃
ᠮᠥᠩᠬᠡ ᠲᠩᠷᠢ ᠶᠢᠨ ᠢᠪᠡᠭᠡᠯ ᠢᠶᠡᠷ ᠮᠣᠩ᠋ᠭᠣᠯ ᠲᠦᠮᠡᠨ ᠮᠢᠨᠢ ᠥᠪ ᠰᠤᠶᠤᠯ᠂ ᠠᠭᠤᠤ ᠲᠡᠦᠬᠡ ᠪᠡᠨ ᠲᠠᠨᠢᠨ ᠪᠠᠷᠢᠵᠤ᠂ ᠡᠩᠬᠡᠵᠢᠨ ᠵᠢᠷᠭᠠᠬᠤ ᠪᠣᠯᠲᠤᠭᠠᠢ》 ᠭᠡᠰᠡᠨ ᠶᠤᠮ᠃