ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠥᠨᠥᠳᠥᠷ ᠡᠯᠴᠢᠨ ᠰᠠᠢᠢᠳ ᠢ ᠲᠣᠬᠣᠭᠠᠨ ᠲᠤᠮᠢᠯᠠᠬᠤ ᠲᠤᠬᠠᠢ ᠵᠠᠷᠯᠢᠭ ᠭᠠᠷᠭᠠᠵᠤ᠂ ᠮᠣᠩ᠋ᠭᠣᠯ ᠤᠯᠤᠰ ᠠᠴᠠ ᠣᠷᠣᠰ ᠤᠨ ᠬᠣᠯᠪᠣᠭᠠᠨ ᠤ ᠤᠯᠤᠰ ᠲᠤ ᠰᠠᠭᠤᠬᠤ ᠣᠨᠴᠠ ᠪᠥᠭᠡᠳ ᠪᠦᠷᠢᠨ ᠡᠷᠬᠡᠲᠦ ᠡᠯᠴᠢᠨ ᠰᠠᠢᠢᠳ ᠢᠶᠠᠷ ᠳᠤᠯᠮᠠᠰᠦ᠋ᠷᠦᠩ ᠦᠨ ᠳᠠᠸᠠ ᠢᠢ ᠲᠣᠮᠢᠯᠠᠯ᠎ᠠ᠃ ᠮᠥᠨ ᠡᠳᠦᠷ ᠡᠴᠡ ᠡᠬᠢᠯᠡᠨ ᠲᠡᠭᠦᠨ ᠢ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠪᠠᠲᠤᠯᠠᠨ ᠬᠠᠮᠠᠭᠠᠯᠠᠬᠤ ᠪᠣᠳᠣᠯᠭ᠎ᠠ᠂ ᠠᠶᠤᠯ ᠦᠭᠡᠢ ᠪᠠᠢᠢᠳᠠᠯ ᠤᠨ ᠠᠰᠠᠭᠤᠳᠠᠯ ᠬᠠᠷᠢᠭᠤᠴᠠᠭᠰᠠᠨ ᠵᠥᠪᠯᠡᠬᠦ ᠡᠴᠡ ᠴᠢᠯᠦᠭᠡᠯᠡᠪᠡ᠃
ᠣᠷᠣᠰ ᠤᠨ ᠬᠣᠯᠪᠣᠭᠠᠨ ᠤ ᠤᠯᠤᠰ ᠲᠤ ᠰᠠᠭᠤᠬᠤ ᠣᠨᠴᠠ ᠪᠥᠭᠡᠳ ᠪᠥᠷᠢᠨ ᠡᠷᠬᠡᠲᠦ ᠡᠯᠴᠢᠨ ᠰᠠᠢᠢᠳ ᠢᠶᠠᠷ ᠲᠣᠮᠢᠯᠠᠭᠳᠠᠭᠰᠠᠨ ᠳᠤᠯᠮᠠᠰᠦ᠋ᠷᠦᠩ ᠦᠨ ᠳᠠᠪᠠᠭ᠎ᠠ ᠨᠢ᠄
1986 ᠣᠨ ᠳᠤ ᠬᠠᠭᠤᠴᠢᠨ ᠢᠶᠠᠷ ᠵᠥᠪᠯᠡᠯᠲᠦ ᠬᠣᠯᠪᠣᠭᠠᠲᠤ ᠤᠯᠤᠰ ᠤᠨ ᠸᠣᠯᠰᠺ ᠬᠣᠲᠠ ᠢᠢᠨ ᠴᠡᠷᠢᠭ ᠦᠨ ᠠᠷᠤ ᠲᠠᠯ᠎ᠠ ᠢᠢᠨ ᠳᠡᠭᠡᠳᠦ ᠰᠤᠷᠭᠠᠭᠤᠯᠢ ᠢᠢ᠂
1997 ᠣᠨ ᠳᠤ ᠣᠷᠣᠰ ᠤᠨ ᠬᠣᠯᠪᠣᠭᠠᠨ ᠤ ᠤᠯᠤᠰ ᠤᠨ ᠰᠠᠨᠺᠲ-ᠫᠧᠲ᠋ᠧᠷᠪᠦᠷᠭ ᠬᠣᠲᠠ ᠢᠢᠨ ᠴᠡᠷᠢᠭ ᠦᠨ ᠠᠷᠤ ᠲᠠᠯ᠎ᠠ᠂ ᠲᠡᠭᠡᠭᠡᠪᠦᠷᠢ ᠢᠢᠨ ᠠᠺᠠᠳᠧᠮᠢ ᠢᠢ ᠲᠤᠰ ᠲᠤᠰ ᠲᠡᠭᠦᠰᠦᠭᠰᠡᠨ᠂ ᠳᠡᠰᠯᠡᠭᠴᠢ ᠭᠧᠨᠧᠷᠠᠯ ᠴᠣᠯᠠ ᠲᠠᠢ ᠶᠤᠮ᠃
ᠲᠡᠷᠡᠪᠡᠷ 1986 ᠣᠨ ᠠᠴᠠ ᠬᠣᠢᠢᠰᠢ ᠪᠠᠲᠤᠯᠠᠨ ᠬᠠᠮᠠᠭᠠᠯᠠᠬᠤ ᠰᠠᠯᠪᠤᠷᠢ ᠳᠤ ᠠᠵᠢᠯᠯᠠᠵᠤ ᠪᠠᠢᠢᠭ᠎ᠠ ᠪᠥᠭᠡᠳ 2015 ᠣᠨ ᠠᠴᠠ ᠵᠡᠪᠰᠡᠭᠲᠦ ᠬᠦᠴᠦᠨ ᠦ ᠵᠠᠩᠵᠤᠨ ᠱᠲ᠋ᠠᠪ ᠤᠨ ᠳᠠᠷᠤᠭ᠎ᠠ ᠪᠠᠷ᠂ 2018 ᠣᠨ ᠤ 11 ᠳ᠋ᠦᠭᠡᠷ ᠰᠠᠷ᠎ᠠ ᠠᠴᠠ ᠥᠨᠥᠳᠥᠷ ᠢ ᠬᠦᠷᠲᠡᠯ᠎ᠡ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠪᠠᠲᠤᠯᠠᠨ ᠬᠠᠮᠠᠭᠠᠯᠠᠬᠤ ᠪᠣᠳᠣᠯᠭ᠎ᠠ᠂ ᠠᠶᠤᠯ ᠦᠭᠡᠢ ᠪᠠᠢᠢᠳᠠᠯ ᠤᠨ ᠠᠰᠠᠭᠤᠳᠠᠯ ᠬᠠᠷᠢᠭᠤᠴᠠᠭᠰᠠᠨ ᠵᠥᠪᠯᠡᠬᠦ ᠪᠡᠷ ᠠᠵᠢᠯᠯᠠᠭᠰᠠᠨ ᠲᠤᠷᠰᠢᠯᠭ᠎ᠠ ᠲᠠᠢ᠃