Та "Internet explorer"-ийн сүүлийн хувилбар болох "Microsoft edge"-г ашиглана уу

Хэрэв "Microsoft edge"-г татах бол энд дарж татаж авна уу

《ᠮᠣᠩ᠋ᠭᠣᠯ  ᠤᠨ ᠲᠡᠦᠬᠡ-ᠮᠣᠩ᠋ᠭᠣᠯ ᠪᠠᠬᠠᠷᠬᠠᠯ》 ᠡᠰᠰᠡ ᠪᠢᠴᠢᠯᠭᠡ ᠢᠢᠨ ᠤᠷᠤᠯᠳᠤᠭᠠᠨ ᠳᠤ ᠲᠡᠷᠢᠭᠦᠯᠡᠭᠰᠡᠨ ᠰᠤᠷᠤᠭᠴᠢᠳ ᠲᠤ ᠱᠠᠩᠨᠠᠯ ᠭᠠᠷᠳᠠᠭᠤᠯᠤᠯ᠎ᠠ

ᠶᠡᠬᠡ ᠡᠵᠡᠨ ᠴᠢᠩᠭᠢᠰ ᠬᠠᠭᠠᠨ ᠤ ᠡᠳᠦᠷ᠂ ᠦᠨᠳᠦᠰᠦᠨ ᠦ ᠡᠷᠬᠡ ᠴᠢᠯᠦᠭᠡ᠂ ᠲᠤᠰᠠᠭᠠᠷ ᠲᠣᠭᠲᠠᠨᠢᠯ ᠢᠶᠠᠨ ᠰᠡᠷᠭᠦᠭᠡᠭ᠍ᠰᠡᠨ ᠦ ᠪᠠᠶᠠᠷ ᠢ ᠲᠣᠬᠢᠶᠠᠯᠳᠤᠭᠤᠯᠤᠨ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ᠂ ᠮᠣᠩ᠋ᠭᠣᠯ ᠤᠯᠤᠰ ᠤᠨ ᠶᠡᠬᠡ ᠰᠤᠷᠭᠠᠭᠤᠯᠢ ᠬᠠᠮᠲᠤᠷᠠᠨ 《ᠮᠣᠩ᠋ᠭᠣᠯ  ᠤᠨ ᠲᠡᠦᠬᠡ-ᠮᠣᠩ᠋ᠭᠣᠯ ᠪᠠᠬᠠᠷᠬᠠᠯ》 ᠰᠡᠳᠦᠪᠲᠦ ᠡᠰᠰᠠ ᠪᠢᠴᠢᠯᠭᠡ ᠢᠢᠨ ᠤᠷᠤᠯᠳᠤᠭᠠᠨ ᠵᠠᠷᠯᠠᠭᠰᠠᠨ ᠪᠢᠯᠡ᠃

ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠢᠢᠨ 12 ᠳ᠋ᠤᠭᠠᠷ ᠠᠩᠭᠢ ᠢᠢᠨ ᠰᠤᠷᠤᠭᠴᠢᠳ ᠣᠷᠣᠯᠴᠠᠭᠰᠠᠨ ᠡᠰᠰᠠ ᠪᠢᠴᠢᠯᠭᠡ ᠢᠢᠨ ᠲᠡᠮᠡᠴᠡᠭᠡᠨ 2019 ᠣᠨ ᠤ 11  ᠳ᠋ᠦᠭᠡᠷ ᠰᠠᠷ᠎ᠠ ᠢᠢᠨ 15 ᠍ ᠤ ᠡᠳᠦᠷ ᠡᠴᠡ 12 ᠳ᠋ᠤᠭᠠᠷ ᠰᠠᠷ᠎ᠠ ᠢᠢᠨ 29 ᠍ ᠦ ᠡᠳᠦᠷ ᠬᠦᠷᠲᠡᠯ᠎ᠡ ᠭᠤᠷᠪᠠᠨ ᠦᠶ᠎ᠡ ᠱᠠᠲᠤ ᠲᠠᠢ ᠶᠠᠪᠤᠭᠳᠠᠭᠰᠠᠨ ᠶᠤᠮ᠃ ᠭᠤᠷᠪᠠ ᠳ᠋ᠠᠬᠢ ᠱᠠᠲᠤᠨ ᠤ ᠰᠢᠯᠭᠠᠷᠠᠭᠤᠯᠲᠠ ᠳᠤ 21 ᠠᠢᠢᠮᠠᠭ᠂ 9 ᠳᠡᠭᠦᠷᠭᠡ ᠡᠴᠡ ᠰᠢᠯᠭᠠᠷᠠᠭᠰᠠᠨ 36 ᠰᠤᠷᠤᠭᠴᠢ 《ᠲᠡᠦᠬᠡ ᠡᠴᠡ ᠠᠪᠬᠤ ᠪᠢᠳᠡᠨ ᠦ ᠰᠤᠷᠭᠠᠮᠵᠢ》 ᠰᠡᠳᠦᠪ ᠢᠶᠡᠷ ᠥᠪᠡᠷᠰᠡᠳ ᠦᠨ ᠣᠶᠤᠨ ᠤ ᠬᠦᠴᠦ᠂ ᠮᠡᠳᠡᠯᠭᠡ ᠢᠢᠨ ᠴᠠᠷᠠᠭ᠎ᠠ ᠪᠠᠨ ᠰᠣᠷᠢᠵᠤ ᠤᠷᠤᠯᠳᠤᠭᠠᠨ ᠳᠤ ᠰᠢᠯᠭᠠᠷᠠᠭᠰᠠᠨ ᠰᠢᠯᠢᠳᠡᠭ 9 ᠰᠤᠷᠤᠭᠴᠢ ᠥᠨᠥᠳᠥᠷ ᠱᠠᠩᠨᠠᠯ ᠢᠶᠠᠨ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠠᠴᠠ ᠭᠠᠷᠳᠠᠵᠤ ᠠᠪᠤᠯ᠎ᠠ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠰᠤᠷᠤᠭᠴᠢᠳ ᠲᠤ ᠪᠠᠲᠤᠯᠠᠵᠤ ᠭᠠᠷᠳᠠᠭᠤᠯᠵᠤ᠂ ᠪᠠᠶᠠᠷ ᠬᠦᠷᠭᠡᠨ᠄
《ᠡᠬᠢ ᠲᠡᠦᠬᠡ ᠪᠡᠨ ᠭᠦᠨᠵᠡᠭᠡᠢ ᠲᠠᠨᠢᠨ ᠮᠡᠳᠡᠵᠦ᠂ ᠡᠬᠡ ᠣᠷᠣᠨᠴᠢ ᠬᠦᠮᠦᠵᠢᠯ ᠢᠶᠡᠷ ᠥᠰᠴᠦ ᠪᠠᠢᠢᠭ᠎ᠠ ᠡᠷᠬᠢᠮ ᠬᠡᠦᠬᠡᠳ ᠪᠠᠭᠠᠴᠤᠳ ᠲᠠ ᠨᠠᠷ ᠲᠤ ᠪᠠᠨ ᠦᠨᠳᠦᠰᠦᠨ ᠦ ᠡᠷᠬᠡ ᠴᠢᠯᠦᠭᠡ᠂ ᠲᠤᠰᠠᠭᠠᠷ ᠲᠣᠭᠲᠠᠨᠢᠯ ᠢᠶᠠᠨ ᠰᠡᠷᠭᠦᠭᠡᠨ ᠮᠠᠨᠳᠤᠭᠤᠯᠤᠭᠰᠠᠨ ᠤ 108 ᠵᠢᠯ ᠦᠨ ᠣᠢ ᠢᠢᠨ ᠥᠯᠵᠡᠢᠢᠲᠦ ᠡᠨᠡ ᠡᠳᠦᠷ ᠦᠨ ᠮᠡᠨᠳᠦ ᠢᠢ ᠳᠡᠪᠰᠢᠭᠦᠯᠦᠶ᠎ᠡ᠃

ᠮᠣᠩ᠋ᠭᠣᠯ ᠤᠯᠤᠰ ᠤᠨ ᠢᠶᠠᠨ ᠬᠡᠮᠵᠢᠶᠡᠨ ᠳᠥ ᠪᠦᠬᠦ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠢᠢᠨ ᠲᠡᠭᠦᠰᠬᠦ 12 ᠳ᠋ᠤᠭᠠᠷ ᠠᠩᠭᠢ ᠢᠢᠨ ᠰᠤᠷᠤᠭᠴᠢᠳ ᠤᠨ ᠳᠤᠮᠳᠠ 《ᠮᠣᠩ᠋ᠭᠣᠯ  ᠤᠨ ᠲᠡᠦᠬᠡ-ᠮᠣᠩ᠋ᠭᠣᠯ ᠪᠠᠬᠠᠷᠬᠠᠯ》 ᠰᠡᠳᠦᠪ ᠢᠶᠡᠷ ᠵᠣᠬᠢᠶᠠᠭᠳᠠᠭᠰᠠᠨ ᠡᠰᠰᠠ ᠪᠢᠴᠢᠯᠭᠡ ᠢᠢᠨ ᠤᠷᠤᠯᠳᠤᠭᠠᠨ ᠳᠤ ᠰᠢᠯᠭᠠᠷᠠᠵᠤ ᠡᠨᠡ ᠲᠡᠦᠬᠡᠨ ᠪᠠᠬᠠᠷᠬᠠᠯ ᠤᠨ ᠡᠳᠦᠷ ᠤᠯᠤᠰ ᠤᠨ ᠢᠶᠠᠨ ᠲᠤᠰᠠᠭᠠᠷ ᠲᠣᠭᠲᠠᠨᠢᠯ᠂ ᠪᠥᠷᠢᠨ ᠡᠷᠬᠡᠲᠦ ᠪᠠᠢᠢᠳᠠᠯ ᠤᠨ ᠪᠡᠯᠭᠡ ᠲᠡᠮᠳᠡᠭ ᠲᠥᠷᠦ ᠢᠢᠨ ᠰᠦᠯᠳᠡ᠂ ᠶᠢᠰᠦᠨ ᠬᠥᠯᠲᠦ ᠶᠡᠬᠡ ᠴᠠᠭᠠᠨ ᠲᠤᠭ ᠤᠨ ᠢᠢᠠᠨ ᠡᠮᠦᠨ᠎ᠡ ᠱᠠᠩᠨᠠᠯ ᠢᠶᠠᠨ ᠭᠠᠷᠳᠠᠵᠤ ᠪᠠᠢᠢᠭᠠᠳ ᠲᠠ ᠪᠦᠬᠦᠨ ᠳᠥ ᠳᠠᠬᠢᠨ ᠪᠠᠶᠠᠷ ᠬᠦᠷᠭᠡᠶ᠎ᠡ᠃

ᠡᠨᠡ ᠡᠰᠰᠠ ᠪᠢᠴᠢᠯᠭᠡ ᠢᠢᠨ ᠤᠷᠤᠯᠳᠤᠭᠠᠨ ᠳᠤ ᠨᠡᠢᠢᠲᠡ ᠳᠦ ᠪᠡᠨ 29 ᠮᠢᠩ᠋ᠭ᠎ᠠ ᠭᠠᠷᠤᠢ ᠰᠤᠷᠤᠭᠴᠢ ᠬᠠᠮᠤᠷᠤᠭᠳᠠᠵᠤ᠂ ᠬᠡᠦᠬᠡᠳ ᠦᠳ ᠮᠠᠨᠢ ᠮᠠᠰᠢ ᠢᠳᠡᠪᠬᠢᠲᠡᠢ ᠣᠷᠣᠯᠴᠠᠭᠰᠠᠨ ᠳᠤ ᠮᠣᠩ᠋ᠭᠣᠯ ᠤᠯᠤᠰ ᠤᠨ ᠶᠡᠷᠦᠩᠬᠡᠢᠢᠯᠡᠭᠴᠢ ᠮᠢᠨᠤ ᠪᠡᠶ᠎ᠡ ᠨᠡᠩ ᠪᠠᠶᠠᠷᠲᠠᠢ ᠪᠠᠢᠢᠨ᠎ᠠ᠃ ᠤᠯᠤᠰ ᠦᠨᠳᠦᠰᠦᠲᠡᠨ ᠦ ᠪᠡᠨ ᠲᠤᠭᠤᠯᠵᠤ ᠥᠩᠭᠡᠷᠡᠭᠦᠯᠦᠭᠰᠡᠨ ᠲᠡᠦᠬᠡ ᠢᠢᠨ ᠣᠯᠤᠯᠲᠠ ᠢᠢ ᠪᠠᠲᠤᠳᠬᠠᠵᠤ᠂ ᠠᠯᠳᠠᠭ᠎ᠠ ᠢᠢ ᠴᠡᠩᠨᠡᠵᠦ ᠶᠠᠪᠤᠬᠤ ᠨᠢ ᠣᠳᠣ ᠴᠠᠭ᠂ ᠠᠮᠢᠳᠤᠷᠠᠨ ᠪᠠᠢᠢᠭ᠎ᠠ ᠦᠶ᠎ᠡ ᠢᠢᠨ ᠢᠶᠡᠨ ᠮᠥᠨ ᠴᠢᠨᠠᠷ᠂ ᠦᠨ᠎ᠡ ᠴᠢᠨ ᠢ ᠮᠡᠳᠡᠬᠦ᠂ ᠢᠷᠡᠭᠡᠳᠦᠢ ᠢᠢᠨ ᠲᠥᠯᠥᠪ ᠢᠶᠡᠨ ᠪᠠᠭᠴᠠᠭᠠᠯᠠᠬᠤ ᠳᠤ ᠲᠤᠩ ᠴᠢᠬᠤᠯᠠ ᠶᠤᠮ᠃ ᠢᠷᠡᠭᠡᠳᠦᠢ ᠬᠣᠢᠢᠴᠢ ᠦᠶ᠎ᠡ ᠮᠠᠨᠢ ᠡᠬᠡ ᠬᠡᠯᠡ᠂ ᠦᠨᠳᠦᠰᠦᠨ ᠦ ᠪᠢᠴᠢᠭ᠌᠂ ᠲᠡᠦᠬᠡ ᠰᠣᠶᠣᠯ ᠳᠤ ᠪᠠᠨ ᠰᠢᠮᠡᠳᠦᠨ ᠳᠤᠷᠠᠯᠠᠵᠤ ᠪᠠᠢᠢᠨ᠎ᠠ ᠭᠡᠳᠡᠭ ᠪᠣᠯ ᠮᠣᠩ᠋ᠭᠣᠯ ᠤᠯᠤᠰ ᠤᠨ ᠢᠷᠡᠭᠡᠳᠦᠢ ᠭᠡᠷᠡᠯ ᠭᠡᠭᠡ ᠲᠡᠢ᠂ ᠣᠷᠣᠰᠢᠬᠤᠢ ᠨᠢ ᠪᠠᠲᠤ ᠪᠡᠬᠢ ᠪᠠᠢᠢᠨ᠎ᠠ ᠭᠡᠰᠡᠨ ᠦᠭᠡ᠃

ᠪᠢ ᠤᠷᠤᠯᠳᠤᠭᠠᠨ ᠳᠤ ᠰᠢᠯᠭᠠᠷᠠᠭᠰᠠᠨ 9 ᠬᠡᠦᠬᠡᠳ ᠦᠨ ᠪᠦᠲᠦᠭᠡᠯ ᠢ ᠤᠩᠰᠢᠵᠤ ᠲᠠᠨᠢᠯᠴᠠᠭᠠᠳ ᠢᠷᠡᠭᠡᠳᠦᠢ ᠬᠣᠢᠢᠴᠢ ᠦᠶ᠎ᠡ ᠪᠡᠷ ᠢᠶᠡᠨ ᠲᠤᠢᠢᠯ ᠤᠨ ᠶᠡᠬᠡ ᠪᠠᠬᠠᠷᠬᠠᠯ᠎ᠠ᠃ ᠮᠣᠩ᠋ᠭᠣᠯ  ᠤᠨ ᠶᠡᠬᠡ - ᠡᠬᠡ ᠲᠡᠦᠬᠡ ᠪᠢᠳᠡᠨ ᠳᠥ ᠡᠪ ᠨᠢᠭᠡᠳᠦᠯ᠂ ᠰᠠᠨᠠᠭ᠎ᠠ ᠵᠣᠷᠢᠯᠭ᠎ᠠ ᠨᠢᠭᠡᠲᠡᠢ ᠪᠠᠢᠢᠬᠤ ᠢᠢᠨ᠂ ᠡᠴᠢᠭᠡ ᠡᠪᠦᠭᠡᠳ ᠦᠨ ᠦᠯᠡᠳᠡᠭᠡᠭ᠍ᠰᠡᠨ ᠪᠠᠶᠠᠯᠢᠭ ᠲᠡᠦᠬᠡ ᠢᠢᠨ ᠢᠶᠡᠨ ᠡᠵᠡᠨ ᠪᠠᠢᠢᠬᠤ ᠢᠢᠨ᠂ ᠲᠤᠰᠠᠭᠠᠷ ᠲᠣᠭᠲᠠᠨᠢᠯ ᠪᠦᠷᠢᠨ ᠡᠷᠬᠡᠲᠦ ᠪᠠᠢᠢᠳᠠᠯ ᠥᠨᠥ ᠢᠢᠨ ᠪᠢᠳᠡᠨ ᠦ ᠡᠷᠢᠨ ᠦᠶ᠎ᠡ ᠢᠢᠨ ᠭᠣᠣᠯ ᠠᠭᠤᠯᠭ᠎ᠠ ᠮᠥᠨ ᠪᠣᠯᠬᠤ ᠢᠢᠨ᠂ ᠬᠠᠭᠠᠷᠠᠵᠤ ᠪᠤᠲᠠᠷᠠᠬᠤ ᠦᠭᠡᠢ ᠡᠪᠯᠡᠵᠦ ᠨᠢᠭᠡᠳᠴᠦ ᠶᠠᠪᠤᠬᠤ ᠢᠢᠨ ᠴᠢᠬᠤᠯᠠ ᠰᠤᠷᠭᠠᠮᠵᠢ ᠦᠯᠡᠳᠡᠭᠡᠭ᠍ᠰᠡᠨ ᠢ ᠬᠡᠦᠬᠡᠳ ᠦᠳ ᠥᠪᠡᠷ ᠥᠪᠡᠷ ᠦᠨ ᠥᠨᠴᠥᠭ ᠡᠴᠡ ᠢᠯᠡᠷᠬᠡᠢᠢᠯᠡᠨ ᠪᠢᠴᠢᠭᠰᠡᠨ ᠪᠠᠢᠢᠨ᠎ᠠ᠃

ᠣᠷᠣᠯᠴᠠᠭᠰᠠᠨ ᠪᠦᠬᠦ ᠬᠡᠦᠬᠡᠳ ᠦᠳ ᠲᠡᠭᠡᠨ ᠪᠠᠶᠠᠷᠯᠠᠯ᠎ᠠ ᠭᠡᠵᠦ ᠬᠡᠯᠡᠶ᠎ᠡ᠃
ᠪᠠᠭᠰᠢ ᠨᠠᠷ ᠲᠤ ᠪᠠᠨ ᠮᠥᠨ ᠪᠠᠶᠠᠷᠯᠠᠯ᠎ᠠ᠃

ᠲᠠ ᠪᠦᠬᠦᠨ ᠦ ᠴᠢᠨᠠᠭᠰᠢᠳᠠ ᠢᠢᠨ ᠠᠮᠢᠳᠤᠷᠠᠯ ᠤᠨ ᠵᠠᠮᠨᠠᠯ ᠳᠤ ᠴᠢᠨᠢ ᠠᠤᠭ᠎ᠠ ᠶᠡᠬᠡ᠂ ᠡᠬᠡ ᠲᠡᠦᠬᠡ ᠲᠠᠨᠢ ᠴᠠᠭ ᠢᠮᠠᠭᠲᠠ ᠲᠦᠰᠢᠵᠦ ᠲᠤᠯᠵᠤ᠂ ᠣᠮᠣᠭᠰᠢᠭᠤᠯᠵᠤ ᠤᠬᠠᠭᠠᠷᠠᠭᠤᠯᠵᠤ ᠶᠠᠪᠤᠬᠤ ᠪᠣᠯᠲᠤᠭᠠᠢ᠃

ᠮᠥᠩᠬᠡ ᠲᠩᠷᠢ ᠪᠢᠳᠡᠨ ᠢ ᠢᠪᠡᠭᠡᠭ᠌》 ᠭᠡᠯ᠎ᠡ᠃