Та "Internet explorer"-ийн сүүлийн хувилбар болох "Microsoft edge"-г ашиглана уу

Хэрэв "Microsoft edge"-г татах бол энд дарж татаж авна уу

ᠤᠯᠤᠰ ᠤᠨ ᠹᠢᠯᠠᠷᠮᠣᠨᠢ ᠢᠢᠨ 《ᠪᠠᠶᠠᠨ ᠮᠣᠩ᠋ᠭᠣᠯ 》 ᠴᠢᠭᠤᠯᠭ᠎ᠠ ᠢᠢᠨ ᠤᠷᠠᠨ ᠪᠦᠲᠦᠭᠡᠯ ᠦᠳ ᠲᠥ ᠲᠥᠷᠥ ᠢᠢᠨ ᠰᠣᠶᠣᠷᠬᠠᠯ ᠬᠦᠷᠲᠡᠭᠡᠯ᠎ᠡ

ᠲᠤᠯᠭᠤᠷ ᠲᠥᠷᠥ ᠢᠢᠨ 2228 ᠵᠢᠯ᠂ ᠶᠡᠬᠡ ᠮᠣᠩ᠋ᠭᠣᠯ ᠤᠯᠤᠰ ᠪᠠᠢᠢᠭᠤᠯᠤᠭᠳᠠᠭᠰᠠᠨ ᠤ 813 ᠵᠢᠯ᠂ ᠦᠨᠳᠦᠰᠦᠨ ᠦ ᠡᠷᠬᠡ ᠴᠢᠯᠦᠭᠡ᠂ ᠲᠤᠰᠠᠭᠠᠷ ᠲᠣᠭᠲᠠᠨᠢᠯ ᠢᠶᠠᠨ ᠰᠡᠷᠭᠦᠭᠡᠨ ᠲᠤᠯᠭᠤᠷ ᠮᠠᠨᠳᠤᠭᠤᠯᠤᠭᠰᠠᠨ ᠤ 108 ᠵᠢᠯ᠂ ᠠᠷᠠᠳ ᠤᠨ ᠬᠤᠪᠢᠰᠬᠠᠯ ᠤᠨ 98 ᠵᠢᠯ᠂ ᠠᠷᠠᠳᠴᠢᠯᠠᠭᠰᠠᠨ ᠬᠤᠪᠢᠰᠬᠠᠯ ᠤᠨ 30 ᠵᠢᠯ ᠦᠨ ᠣᠢ ᠢᠢ ᠲᠣᠬᠢᠶᠠᠯᠳᠤᠭᠤᠯᠤᠨ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠥᠨᠥᠳᠥᠷ ᠲᠥᠷᠥ ᠢᠢᠨ ᠱᠠᠩᠨᠠᠯ ᠬᠦᠷᠲᠡᠭᠡᠬᠦ ᠲᠤᠬᠠᠢ ᠵᠠᠷᠯᠢᠭ ᠭᠠᠷᠭᠠᠯ᠎ᠠ᠃

ᠲᠥᠷᠥ ᠢᠢᠨ ᠱᠠᠩᠨᠠᠯ ᠬᠦᠷᠲᠡᠭᠡᠬᠦ ᠲᠤᠬᠠᠢ ᠵᠠᠷᠯᠢᠭ ᠲᠤᠷ᠄
ᠮᠣᠩ᠋ᠭᠣᠯ ᠤᠯᠤᠰ ᠲᠤ ᠣᠷᠴᠢᠨ ᠦᠶ᠎ᠡ ᠢᠢᠨ ᠍ᠬᠥᠭ᠍ᠵᠢᠮ ᠦᠨ ᠧᠰᠲᠷᠠᠳ᠋᠂ ᠵᠠᠽᠽ ᠤᠷᠤᠰᠬᠠᠯ ᠤᠨ ᠦᠨᠳᠦᠰᠦ ᠰᠠᠭᠤᠷᠢ ᠢᠢ ᠲᠠᠯᠪᠢᠵᠤ᠂ ᠲᠦᠭᠡᠭᠡᠨ ᠳᠡᠯᠭᠡᠷᠡᠭᠦᠯᠵᠦ᠂ ᠮᠣᠩ᠋ᠭᠣᠯ  ᠤᠨ ᠣᠷᠴᠢᠨ ᠦᠶ᠎ᠡ ᠢᠢᠨ ᠍ᠬᠥᠭ᠍ᠵᠢᠮ ᠦᠨ ᠤᠷᠠᠯᠢᠭ ᠤᠨ ᠰᠠᠩ ᠬᠥᠮᠥᠷᠭᠡ ᠳᠥ ᠵᠢᠩᠲᠡᠢ ᠬᠤᠪᠢ ᠨᠡᠮᠡᠷᠢ ᠣᠷᠣᠭᠤᠯᠵᠤ᠂ ᠠᠷᠠᠳ ᠲᠦᠮᠡᠨ ᠦ ᠰᠡᠳᠬᠢᠯ ᠵᠢᠷᠦᠬᠡᠨ ᠳᠥ ᠬᠣᠨᠣᠭᠰᠢᠭᠰᠠᠨ ᠦᠶ᠎ᠡ ᠡᠴᠡ ᠦᠶ᠎ᠡ ᠳᠥ ᠳᠠᠭᠤᠷᠢᠰᠬᠤ ᠪᠦᠲᠦᠭᠡᠯ ᠦᠳ ᠪᠦᠬᠦᠢ 1981 ᠣᠨ ᠳᠤ ᠭᠠᠷᠭᠠᠭᠰᠠᠨ ᠪᠠᠶᠠᠨ ᠮᠣᠩ᠋ᠭᠣᠯ ᠫᠢᠨᠽᠠ᠂ 2019 ᠣᠨ ᠳᠤ ᠭᠠᠷᠭᠠᠭᠰᠠᠨ ᠪᠠᠶᠠᠨ ᠮᠣᠩ᠋ᠭᠣᠯ -50 ᠵᠢᠯ ᠫᠢᠨᠽᠠ ᠲᠤᠭᠤᠷᠪᠢᠵᠤ᠂ ᠡᠩᠨᠡᠭᠡᠨ ᠡᠴᠡ ᠨᠢ ᠲᠦᠷᠦᠭᠰᠡᠨ ᠣᠯᠠᠨ ᠠᠷᠪᠠᠨ ᠠᠪᠢᠶᠠᠰ ᠪᠢᠯᠢᠭᠲᠦ ᠤᠷᠠᠨ ᠪᠦᠲᠦᠭᠡᠯᠴᠢᠳ ᠨᠢ ᠧᠰᠲᠷᠠᠳ᠋ ᠵᠠᠽᠽ ᠍ᠬᠥᠭ᠍ᠵᠢᠮ ᠦᠨ 50 ᠵᠢᠯ ᠦᠨ ᠲᠡᠦᠬᠡᠨ ᠳᠥ᠂ ᠣᠨᠴᠤᠭᠤᠢ ᠭᠠᠪᠢᠶ᠎ᠠ ᠪᠠᠢᠢᠭᠤᠯᠤᠭᠰᠠᠨ ᠤᠯᠤᠰ ᠤᠨ ᠹᠢᠯᠠᠷᠮᠣᠨᠢ ᠢᠢᠨ ᠪᠠᠶᠠᠨ ᠮᠣᠩ᠋ᠭᠣᠯ ᠴᠢᠭᠤᠯᠭ᠎ᠠ ᠢᠢᠨ ᠦᠶ᠎ᠡ ᠦᠶ᠎ᠡ ᠢᠢᠨ ᠤᠷᠠᠨ ᠪᠦᠲᠦᠭᠡᠯᠴᠢᠳ ᠦᠨ ᠪᠦᠲᠦᠭᠡᠯ ᠲᠤᠭᠤᠷᠪᠢᠯ᠂ ᠬᠥᠳᠡᠯᠮᠦᠷᠢ ᠵᠢᠳᠬᠦᠯ ᠢ ᠦᠨᠡᠯᠡᠵᠦ᠂ ᠲᠤᠰ ᠴᠢᠭᠤᠯᠭ᠎ᠠ ᠢᠢᠨ ᠲᠥᠯᠥᠭᠡᠯᠡᠯ ᠪᠣᠯᠬᠤ

᠍ᠬᠥᠭ᠍ᠵᠢᠮ ᠦᠨ ᠵᠣᠬᠢᠶᠠᠯᠴᠢ᠂ ᠭᠢᠲ᠋ᠠᠷᠴᠢᠨ ᠰᠠᠮᠪᠤᠤ ᠢᠢᠨ ᠪᠠᠭᠠᠲᠤᠷᠰᠦ᠋ᠬᠡ᠂
᠍ᠬᠥᠭ᠍ᠵᠢᠮ ᠦᠨ ᠵᠣᠬᠢᠶᠠᠯᠴᠢ᠂ ᠤᠳᠤᠷᠢᠳᠤᠭᠠᠴᠢ ᠪᠠᠳᠮᠠᠳᠣᠷᠵᠢ ᠢᠢᠨ ᠭᠠᠩᠪᠠᠲᠤ᠂
ᠰᠠᠺᠰᠹᠣᠨ ᠍ᠬᠥᠭ᠍ᠵᠢᠮᠴᠢᠨ ᡀᠠᠪᠠᠵᠠᠪ ᠤᠨ ᠰᠦᠬᠡᠪᠠᠭᠠᠲᠤᠷ᠂
ᠳᠠᠭᠤᠨ ᠤ ᠢᠨᠵᠧᠨᠧᠷ ᠳᠣᠨᠳᠣᠢ ᠢᠢᠨ ᠭᠠᠩᠲᠡᠮᠦᠷ᠂
ᠲᠷᠣᠮᠪᠣᠨ ᠍ᠬᠥᠭ᠍ᠵᠢᠮᠴᠢᠨ ᠠᠳᠢᠱᠠ ᠢᠢᠨ ᠬᠡᠰᠢᠭ᠍ᠳᠣᠷᠵᠢ᠂
ᠤᠳᠤᠷᠢᠳᠤᠭᠠᠴᠢ ᠪᠠᠳᠮᠠᠬᠠᠨᠳᠤ ᠢᠢᠨ ᠨᠢᠮᠠᠳᠣᠷᠵᠢ᠂
ᠳᠠᠭᠤᠴᠢᠨ ᠬᠠᠢᠢᠳᠤᠪ ᠤᠨ ᠲᠡᠮᠦᠷᠪᠠᠭᠠᠲᠤᠷ᠂
ᠤᠳᠤᠷᠢᠳᠤᠭᠠᠴᠢ ᠱᠤᠭᠠᠷ᠎ᠠ ᠢᠢᠨ ᠰᠠᠷᠠᠭᠤᠯ-ᠣᠳᠣ ᠨᠠᠷ ᠲᠤ ᠮᠣᠩ᠋ᠭᠣᠯ ᠤᠯᠤᠰ ᠤᠨ ᠲᠥᠷᠥ ᠢᠢᠨ ᠱᠠᠩᠨᠠᠯ ᠬᠦᠷᠲᠡᠭᠡᠰᠦᠭᠡᠢ》 ᠭᠡᠵᠡᠢ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠵᠠᠷᠯᠢᠭ ᠢ ᠤᠩᠰᠢᠵᠤ ᠰᠣᠨᠣᠷᠳᠠᠭᠤᠯᠤᠭᠰᠠᠨ ᠤ ᠳᠠᠷᠠᠭ᠎ᠠ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠪᠠᠶᠠᠨ ᠮᠣᠩ᠋ᠭᠣᠯ ᠴᠢᠭᠤᠯᠭ᠎ᠠ ᠢᠢᠨ ᠤᠷᠠᠨ ᠪᠦᠲᠦᠭᠡᠯᠴᠢᠳ ᠲᠥ ᠲᠥᠷᠥ ᠢᠢᠨ ᠰᠣᠶᠣᠷᠬᠠᠯ ᠬᠦᠷᠲᠡᠭᠡᠵᠦ᠂ ᠪᠠᠶᠠᠷ ᠬᠦᠷᠭᠡᠯ᠎ᠡ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠄
ᠮᠣᠩ᠋ᠭᠣᠯᠴᠤᠳ ᠠ᠋᠂ ᠡᠷᠬᠢᠮ ᠤᠷᠠᠨ ᠪᠦᠲᠦᠭᠡᠯᠴᠢᠳ ᠡ

ᠦᠨᠳᠦᠰᠦᠨ ᠦ ᠡᠷᠬᠡ ᠴᠢᠯᠦᠭᠡ᠂ ᠲᠤᠰᠠᠭᠠᠷ ᠲᠣᠭᠲᠠᠨᠢᠯ ᠢᠶᠠᠨ ᠰᠡᠷᠭᠦᠭᠡᠨ ᠮᠠᠨᠳᠤᠭᠤᠯᠤᠭᠰᠠᠨ ᠤ 108 ᠵᠢᠯ ᠦᠨ ᠣᠢ ᠢᠢᠨ ᠥᠯᠵᠡᠢᠢᠲᠦ ᠡᠨᠡ ᠡᠳᠦᠷ 2019 ᠣᠨ ᠤ ᠮᠣᠩ᠋ᠭᠣᠯ ᠤᠯᠤᠰ ᠤᠨ ᠲᠥᠷᠥ ᠢᠢᠨ ᠱᠠᠩᠨᠠᠯ ᠢ ᠭᠠᠷᠳᠠᠭᠤᠯᠤᠯ᠎ᠠ᠃

ᠤᠯᠤᠰ ᠤᠨ ᠹᠢᠯᠠᠷᠮᠣᠨᠢ ᠢᠢᠨ 《ᠪᠠᠶᠠᠨ ᠮᠣᠩ᠋ᠭᠣᠯ 》 ᠴᠢᠭᠤᠯᠭ᠎ᠠ ᠢᠢᠨ ᠪᠠᠭᠴᠠ ᠤᠷᠠᠨ ᠪᠦᠲᠦᠭᠡᠯ ᠦᠳ ᠲᠥ ᠡᠨᠡ ᠱᠠᠩᠨᠠᠯ ᠢ ᠣᠯᠭᠤᠬᠤ ᠪᠠᠷ ᠰᠢᠢᠳᠪᠦᠷᠢᠯᠡᠭᠰᠡᠨ᠃ 1969 ᠣᠨ ᠤ ᠳᠣᠯᠣᠳᠤᠭᠠᠷ ᠰᠠᠷ᠎ᠠ ᠢᠢᠨ 10 ᠍ ᠤ ᠡᠳᠦᠷ ᠠᠩ᠋ᠬᠠᠨ ᠤ ᠪᠠᠨ ᠲᠣᠭᠯᠠᠯᠲᠠ ᠢᠢ ᠬᠢᠭ᠍ᠰᠡᠨ ᠡᠴᠡ ᠬᠣᠢᠢᠰᠢ ᠮᠣᠩ᠋ᠭᠣᠯ ᠤᠯᠤᠰ ᠲᠤ ᠣᠷᠴᠢᠨ ᠦᠶ᠎ᠡ ᠢᠢᠨ ᠳᠠᠭᠤᠤ᠂ ᠍ᠬᠥᠭ᠍ᠵᠢᠮ ᠦᠨ ᠤᠷᠤᠰᠬᠠᠯ ᠤᠳ ᠢ ᠍ᠬᠥᠭ᠍ᠵᠢᠭᠦᠯᠬᠦ ᠦᠨᠳᠦᠰᠦ ᠢᠢ ᠲᠠᠯᠪᠢᠵᠤ᠂ ᠲᠦᠭᠡᠭᠡᠨ ᠳᠡᠯᠭᠡᠷᠡᠭᠦᠯᠵᠦ᠂ 《ᠰᠠᠢᠢᠨ ᠪᠠᠢᠢᠨ᠎ᠠ ᠤᠤ᠂ ᠤᠯᠠᠭᠠᠨᠪᠠᠭᠠᠲᠤᠷ ᠮᠢᠨᠢ》᠂ 《ᠬᠠᠩ᠋ᠭᠠᠢ ᠢᠢᠨ ᠮᠠᠭᠲᠠᠭᠤ》᠂ 《ᠠᠶᠠᠨ ᠤ ᠰᠢᠪᠠᠭᠤᠳ》᠂ 《ᠨᠠᠪᠴᠢᠨ ᠳᠡᠭᠡᠷᠡᠬᠢ ᠰᠢᠭᠦᠳᠡᠷᠢ》᠂ 《ᠵᠠᠮ ᠳᠡᠭᠡᠷ᠎ᠡ ᠭᠡᠭᠡᠭ᠍ᠳᠡᠭᠰᠡᠨ ᠴᠡᠴᠡᠭ》᠂ 《ᠳᠥᠷᠪᠡᠨ ᠤᠯᠠᠷᠢᠯ᠂ ᠬᠣᠶᠠᠷ ᠠᠮᠠᠷᠠᠭ》᠂ 《ᠰᠡᠳᠬᠢᠯ ᠦᠨ ᠵᠢᠭᠦᠷ》᠂ 《ᠣᠷᠢ ᠵᠠᠯᠠᠭᠤ ᠨᠠᠰᠤ》 ᠭᠡᠳ ᠠᠷᠠᠳ ᠲᠦᠮᠡᠨ ᠦ ᠲᠠᠭᠠᠰᠢᠶᠠᠯ ᠳᠤ ᠬᠦᠷᠴᠦ᠂ ᠰᠡᠳᠬᠢᠯ ᠵᠢᠷᠦᠬᠡᠨ ᠳᠥ ᠬᠣᠨᠣᠭᠰᠢᠭᠰᠠᠨ ᠣᠯᠠᠨ ᠠᠷᠪᠠᠨ ᠪᠦᠲᠦᠭᠡᠯ ᠦᠳ ᠬᠢᠭ᠍ᠰᠡᠭᠡᠷ᠂ 50 ᠵᠢᠯ ᠤᠷᠠᠯᠢᠭ ᠲᠤ ᠵᠢᠳᠬᠦᠵᠦ ᠶᠠᠪᠤᠭ᠎ᠠ ᠪᠢᠯᠡ᠃ ᠡᠨᠡ ᠴᠢᠭᠤᠯᠭ᠎ᠠ ᠨᠢ ᠣᠷᠴᠢᠨ ᠦᠶ᠎ᠡ ᠢᠢᠨ ᠳᠠᠭᠤᠯᠠᠬᠤ ᠤᠷᠠᠯᠢᠭ᠂ ᠍ᠬᠥᠭ᠍ᠵᠢᠮ ᠦᠨ ᠤᠷᠠᠯᠢᠭ ᠢ ᠰᠠᠯᠪᠤᠷᠢᠯᠠᠭᠤᠯᠤᠨ᠂ ᠣᠯᠠᠨ ᠠᠷᠪᠠᠨ ᠰᠢᠯᠢᠳᠡᠭ ᠤᠷᠠᠨ ᠪᠦᠲᠦᠭᠡᠯᠴᠢᠳ ᠢ ᠲᠥᠷᠥᠭᠦᠯᠦᠨ ᠭᠠᠷᠭᠠᠭᠰᠠᠨ ᠠᠪᠢᠶᠠᠰ ᠤᠨ ᠠᠭᠤᠷᠬᠠᠢ᠂ ᠡᠵᠡᠳ ᠶᠤᠮ᠃

ᠲᠤᠰ ᠴᠢᠭᠤᠯᠭ᠎ᠠ ᠠᠴᠠ 1981 ᠣᠨ ᠳᠤ ᠭᠠᠷᠭᠠᠭᠰᠠᠨ 《ᠪᠠᠶᠠᠨ ᠮᠣᠩ᠋ᠭᠣᠯ 》 ᠫᠢᠨᠽᠠ᠂ 2019 ᠣᠨ ᠳᠤ ᠭᠠᠷᠭᠠᠭᠰᠠᠨ 《ᠪᠠᠶᠠᠨ ᠮᠣᠩ᠋ᠭᠣᠯ -50 ᠵᠢᠯ》 ᠫᠢᠨᠽᠠᠨ ᠨᠤᠭᠤᠳ ᠲᠤ ᠪᠠᠭᠲᠠᠭᠰᠠᠨ ᠳᠠᠭᠤᠤ᠂ ᠍ᠬᠥᠭ᠍ᠵᠢᠮ ᠦᠨ ᠪᠦᠲᠦᠭᠡᠯ ᠦᠳ᠂ ᠤᠯᠤᠰ ᠤᠨ ᠹᠢᠯᠠᠷᠮᠣᠨᠢ ᠢᠢᠨ 《ᠪᠠᠶᠠᠨ ᠮᠣᠩ᠋ᠭᠣᠯ 》 ᠴᠢᠭᠤᠯᠭ᠎ᠠ ᠢᠢᠨ ᠦᠶ᠎ᠡ ᠦᠶ᠎ᠡ ᠢᠢᠨ ᠤᠷᠠᠨ ᠪᠦᠲᠦᠭᠡᠯᠴᠢᠳ ᠦᠨ ᠲᠤᠭᠤᠷᠪᠢᠯ᠂ ᠬᠥᠳᠡᠯᠮᠦᠷᠢ ᠵᠢᠳᠬᠦᠯ ᠢ ᠦᠨᠡᠯᠡᠵᠦ᠂ ᠲᠤᠰ ᠴᠢᠭᠤᠯᠭ᠎ᠠ ᠢᠢᠨ ᠲᠥᠯᠥᠭᠡᠯᠡᠯ ᠪᠣᠯᠬᠤ ᠍ᠬᠥᠭ᠍ᠵᠢᠮ ᠦᠨ ᠵᠣᠬᠢᠶᠠᠯᠴᠢ᠂ ᠍ᠬᠥᠭ᠍ᠵᠢᠮᠴᠢᠨ᠂ ᠳᠠᠭᠤᠴᠢᠳ ᠲᠤ ᠡᠨᠡ ᠱᠠᠩᠨᠠᠯ ᠢ ᠣᠯᠭᠤᠵᠤ ᠪᠠᠢᠢᠨ᠎ᠠ᠃

《ᠪᠠᠶᠠᠨ ᠮᠣᠩ᠋ᠭᠣᠯ 》 ᠴᠢᠭᠤᠯᠭ᠎ᠠ ᠢᠢᠨ ᠣᠨ ᠴᠠᠭ ᠤᠨ ᠰᠢᠯᠭᠠᠭᠤᠷ ᠢ ᠳᠠᠪᠠᠭᠰᠠᠨ᠂ ᠣᠯᠠᠨ ᠨᠡᠢᠢᠲᠡ ᠢᠢᠨ ᠲᠠᠭᠠᠰᠢᠶᠠᠯ᠂ ᠬᠦᠨᠳᠦᠯᠡᠯ ᠢ ᠬᠦᠯᠢᠶᠡᠭᠰᠡᠨ ᠪᠠᠭᠴᠠ ᠤᠷᠠᠨ ᠪᠦᠲᠦᠭᠡᠯ ᠦᠳ ᠲᠥ ᠲᠥᠷᠥ ᠢᠢᠨ ᠱᠠᠩᠨᠠᠯ ᠣᠯᠭᠤᠵᠤ ᠪᠠᠢᠢᠭ᠎ᠠ ᠢᠢ ᠺᠣᠮᠮᠤᠢᠨᠢᠰᠲ ᠦᠵᠡᠯ ᠰᠤᠷᠲᠠᠯ ᠤᠨ ᠬᠠᠲᠠᠭᠤ ᠰᠢᠯᠭᠠᠭᠤᠷ ᠢᠶᠠᠷ ᠥᠩᠭᠡᠷᠡᠭᠰᠡᠨ ᠨᠡᠢᠢᠭᠡᠮ ᠤᠨ ᠦᠶ᠎ᠡ ᠳᠥ ᠮᠣᠩ᠋ᠭᠣᠯ  ᠤᠨ ᠣᠷᠴᠢᠨ ᠦᠶ᠎ᠡ ᠢᠢᠨ ᠤᠷᠠᠯᠢᠭ ᠢ ᠦᠨᠡᠯᠡᠬᠦ ᠦᠨᠡᠯᠡᠮᠵᠢ ᠢᠢ ᠲᠥᠷᠥ ᠡᠴᠡ ᠪᠣᠳᠣᠯᠭ᠎ᠠ ᠪᠠᠷ ᠳᠠᠷᠤᠵᠤ᠂ ᠣᠷᠬᠢᠭᠳᠠᠭᠤᠯᠵᠤ ᠪᠠᠢᠢᠭᠰᠠᠨ ᠠᠯᠳᠠᠭ᠎ᠠ ᠢᠢ ᠵᠠᠯᠠᠷᠠᠭᠤᠯᠵᠤ ᠪᠠᠢᠢᠭ᠎ᠠ ᠭᠡᠵᠦ ᠪᠠᠰᠠ ᠣᠢᠢᠯᠠᠭᠠᠵᠤ ᠪᠣᠯᠤᠨ᠎ᠠ᠃

ᠢᠩᠭᠢᠭᠡᠳ ᠪᠠᠶᠠᠨ ᠮᠣᠩ᠋ᠭᠣᠯ ᠴᠢᠭᠤᠯᠭ᠎ᠠ ᠢᠢᠨ ᠤᠷᠠᠨ ᠪᠦᠲᠦᠭᠡᠯ ᠦᠳ ᠲᠥ ᠣᠯᠭᠤᠵᠤ ᠪᠤᠢ ᠲᠥᠷᠥ ᠢᠢᠨ ᠱᠠᠩᠨᠠᠯ ᠢ ᠲᠤᠰ ᠴᠢᠭᠤᠯᠭ᠎ᠠ ᠢᠢᠨ ᠲᠥᠯᠥᠭᠡᠯᠡᠯ ᠪᠣᠯᠤᠭᠰᠠᠨ ᠍ᠬᠥᠭ᠍ᠵᠢᠮ ᠦᠨ ᠵᠣᠬᠢᠶᠠᠯᠴᠢ᠂ ᠭᠢᠲ᠋ᠠᠷᠴᠢᠨ ᠰᠠᠮᠪᠤᠤ ᠢᠢᠨ ᠪᠠᠭᠠᠲᠤᠷᠰᠦ᠋ᠬᠡ᠂ ᠍ᠬᠥᠭ᠍ᠵᠢᠮ ᠦᠨ ᠵᠣᠬᠢᠶᠠᠯᠴᠢ᠂ ᠤᠳᠤᠷᠢᠳᠤᠭᠠᠴᠢ ᠪᠠᠳᠮᠠᠳᠣᠷᠵᠢ ᠢᠢᠨ ᠭᠠᠩᠪᠠᠲᠤ᠂ ᠰᠠᠺᠰᠠᠹᠣᠨ ᠍ᠬᠥᠭ᠍ᠵᠢᠮᠴᠢᠨ ᡀᠠᠪᠠᠵᠠᠪ ᠤᠨ ᠰᠦᠬᠡᠪᠠᠭᠠᠲᠤᠷ᠂ ᠳᠠᠭᠤᠨ ᠤ ᠢᠨᠵᠧᠨᠧᠷ ᠳᠣᠨᠳᠣᠢ ᠢᠢᠨ ᠭᠠᠩᠲᠡᠮᠦᠷ᠂ ᠲᠷᠣᠮᠪᠣᠨ ᠍ᠬᠥᠭ᠍ᠵᠢᠮᠴᠢᠨ ᠠᠳᠢᠱᠠ ᠢᠢᠨ ᠬᠡᠰᠢᠭ᠍ᠳᠣᠷᠵᠢ᠂ ᠤᠳᠤᠷᠢᠳᠤᠭᠠᠴᠢ ᠪᠠᠳᠮᠬᠠᠨᠳᠤ ᠢᠢᠨ ᠨᠢᠮᠠᠳᠣᠷᠵᠢ᠂ ᠳᠠᠭᠤᠴᠢᠨ ᠬᠠᠢᠢᠳᠤᠪ ᠤᠨ ᠲᠡᠮᠦᠷᠪᠠᠭᠠᠲᠤᠷ᠂ ᠤᠳᠤᠷᠢᠳᠤᠭᠠᠴᠢ ᠱᠤᠭᠠᠷ᠎ᠠ ᠢᠢᠨ ᠰᠠᠷᠠᠭᠤᠯ-ᠣᠳᠣ ᠨᠠᠷ ᠲᠤ ᠬᠦᠷᠲᠡᠭᠡᠯ᠎ᠡ᠃

ᠮᠥᠩᠬᠡ ᠲᠩᠷᠢ ᠢᠢᠨ ᠬᠦᠴᠦᠨ ᠳᠣᠣᠷ᠎ᠠ ᠮᠣᠩ᠋ᠭᠣᠯ  ᠤᠨ ᠤᠷᠠᠯᠢᠭ ᠰᠤᠶᠤᠯ᠂ ᠳᠠᠭᠤᠤ ᠍ᠬᠥᠭ᠍ᠵᠢᠮ ᠤᠯᠠᠮ ᠪᠦᠷ ᠢᠷᠠᠭᠤᠰᠴᠤ᠂ ᠴᠡᠴᠡᠭᠯᠡᠨ ᠍ᠬᠥᠭ᠍ᠵᠢᠬᠦ ᠪᠣᠯᠲᠤᠭᠠᠢ》 ᠭᠡᠯ᠎ᠡ᠃