ᠲᠤᠯᠭᠤᠷ ᠲᠥᠷᠦ ᠶᠢᠨ 2228 ᠵᠢᠯ᠂ ᠶᠡᠬᠡ ᠮᠣᠩ᠋ᠭᠣᠯ ᠤᠯᠤᠰ ᠪᠠᠶᠢᠭᠤᠯᠤᠭᠳᠠᠭᠰᠠᠨ ᠤ 813 ᠵᠢᠯ᠂ ᠦᠨᠳᠦᠰᠦᠨ ᠦ ᠡᠷᠬᠡ ᠴᠢᠯᠦᠭᠡ᠂ ᠲᠤᠰᠠᠭᠠᠷ ᠲᠣᠭᠲᠠᠨᠢᠯ ᠢᠶᠠᠨ ᠰᠡᠷᠭᠦᠭᠡᠨ ᠲᠤᠯᠭᠤᠷ ᠮᠠᠨᠳᠤᠭᠤᠯᠤᠭᠰᠠᠨ ᠤ 108 ᠵᠢᠯ᠂ ᠠᠷᠠᠳ ᠤᠨ ᠬᠤᠪᠢᠰᠬᠠᠯ ᠤᠨ 98 ᠵᠢᠯ᠂ ᠠᠷᠠᠳᠴᠢᠯᠠᠭᠰᠠᠨ ᠬᠤᠪᠢᠰᠬᠠᠯ ᠤᠨ 30 ᠵᠢᠯ ᠦᠨ ᠣᠢ ᠶᠢ ᠲᠣᠬᠢᠶᠠᠯᠳᠤᠭᠤᠯᠤᠨ ᠮᠣᠩ᠋ᠭᠣᠯ ᠤᠯᠤᠰ ᠤᠨ ᠶᠡᠷᠦᠩᠬᠡᠶᠢᠯᠡᠭᠴᠢ ᠬ ∙ ᠪᠠᠲᠤᠲᠤᠯᠭ᠎ᠠ ᠥᠨᠥᠳᠥᠷ ᠲᠥᠷᠦ ᠶᠢᠨ ᠱᠠᠩᠨᠠᠯ ᠬᠦᠷᠲᠡᠭᠡᠬᠦ ᠲᠤᠬᠠᠢ ᠵᠠᠷᠯᠢᠭ ᠭᠠᠷᠭᠠᠯ᠎ᠠ᠃
ᠮᠣᠩ᠋ᠭᠣᠯ ᠤᠯᠤᠰ ᠤᠨ ᠶᠡᠷᠦᠩᠬᠡᠶᠢᠯᠡᠭᠴᠢ ᠢᠢᠨ ᠲᠥᠷᠦ ᠶᠢᠨ ᠱᠠᠩᠨᠠᠯ ᠬᠦᠷᠲᠡᠭᠡᠬᠦ ᠲᠤᠬᠠᠢ ᠄
《…ᠮᠣᠩ᠋ᠭᠣᠯ ᠤᠯᠤᠰ ᠲᠤ ᠣᠷᠴᠢᠨ ᠦᠶ᠎ᠡ ᠶᠢᠨ ᠬᠥᠭ᠍ᠵᠢᠮ ᠦᠨ ᠷᠣᠺ ᠤᠷᠤᠰᠬᠠᠯ ᠤᠨ ᠦᠨᠳᠦᠰᠦ ᠶᠢ ᠲᠠᠯᠪᠢᠨ᠂ ᠲᠦᠭᠡᠭᠡᠨ ᠳᠡᠯᠭᠡᠷᠡᠭᠦᠯᠵᠦ᠂ ᠠᠷᠠᠳ ᠲᠦᠮᠡᠨ ᠦ ᠰᠡᠳᠬᠢᠯ ᠵᠢᠷᠦᠬᠡᠨ ᠳᠥ ᠬᠣᠨᠣᠭᠰᠢᠭᠰᠠᠨ᠄
ᠴ ∙ ᠴᠢᠯᠠᠭᠤᠨᠪᠠᠲᠤ ᠶᠢᠨ ᠠᠶ᠎ᠠ᠂ ᠭ ∙ ᠪᠠᠲᠤᠬᠦᠦ ᠶᠢᠨ ᠦᠭᠡ 《ᠲᠣᠯᠢᠨ ᠬᠤᠯᠠ》᠂
ᠴ ∙ ᠡᠩᠬᠡᠮᠠᠩᠯᠠᠢ ᠶᠢᠨ ᠦᠭᠡ᠂ ᠠᠶ᠎ᠠ 《ᠠᠮᠢᠳᠤᠷᠠᠯ》᠂
ᠴ ∙ ᠴᠢᠯᠠᠭᠤᠨᠪᠠᠲᠤ ᠶᠢᠨ ᠠᠶ᠎ᠠ᠂ ᠪ ∙ ᠢᠪᠠᠤᠬᠤᠯᠠᠨ ᠤᠨ ᠰᠢᠯᠦᠭ 《ᠵᠥᠪᠬᠡᠨ ᠮᠣᠩ᠋ᠭᠣᠯ ᠳᠤ ᠪᠠᠨ》᠂
ᠴ ∙ ᠴᠢᠯᠠᠭᠤᠨᠪᠠᠲᠤ ᠶᠢᠨ ᠠᠶ᠎ᠠ᠂ ᠰ ∙ ᠣᠶᠤᠨ ᠤ ᠦᠭᠡ 《ᠦᠭᠡᠶᠢᠯᠡᠨ ᠰᠠᠨᠠᠨ᠎ᠠ 》᠂
ᠶᠠ᠊ ∙ ᠣᠳᠤᠰᠦ᠋ᠷᠦᠩ ᠦᠨ ᠠᠶ᠎ᠠ᠂ ᠴ ∙ ᠡᠩᠬᠡᠮᠠᠩᠯᠠᠢ ᠶᠢᠨ ᠦᠭᠡ 《ᠡᠨᠡ ᠪᠣᠯ ᠳᠤᠷᠠᠯᠠᠯ ᠪᠢᠰᠢ》 ᠳᠠᠭᠤᠤ ᠵᠣᠬᠢᠶᠠᠵᠤ᠂ ᠮᠣᠩ᠋ᠭᠣᠯ ᠤᠯᠤᠰ ᠤᠨ ᠣᠷᠴᠢᠨ ᠦᠶ᠎ᠡ ᠶᠢᠨ ᠬᠥᠭ᠍ᠵᠢᠮ ᠦᠨ ᠤᠷᠠᠯᠢᠭ ᠲᠤ ᠣᠨᠴᠤᠭᠤᠢ ᠬᠤᠪᠢ ᠨᠡᠮᠡᠷᠢ ᠣᠷᠣᠭᠤᠯᠤᠭᠰᠠᠨ 《ᠬᠠᠷᠠᠩ᠋ᠭ᠎ᠠ》 ᠬᠠᠮᠲᠤᠯᠢᠭ ᠤᠨ ᠭᠡᠰᠢᠭᠦᠨ ᠴᠡᠨᠳᠠᠰᠦ᠋ᠷᠦᠩ ᠦᠨ ᠡᠩᠬᠡᠮᠠᠩᠯᠠᠢ᠂ ᠴᠡᠷᠢᠩᠳᠣᠷᠵᠢ ᠶᠢᠨ ᠴᠢᠯᠠᠭᠤᠨᠪᠠᠲᠤ᠂ ᠬᠠᠲᠠᠨᠪᠠᠭᠠᠲᠤᠷ ᠤᠨ ᡀᠠᠭᠪᠠᠰᠦ᠋ᠷᠦᠩ᠂ ᠶᠠᠷᠢᠨᠫᠡᠯ ᠤᠨ ᠣᠳᠤᠰᠦ᠋ᠷᠦᠩ᠂ ᠨᠡᠮᠡᠬᠦ ᠶᠢᠨ ᠫᠦᠷᠪᠦᠳᠠᠰᠢ᠂ ᠵᠣᠬᠢᠶᠠᠯᠴᠢ᠂ ᠢᠷᠠᠭᠤ ᠨᠠᠶᠢᠷᠠᠭᠴᠢ ᠰᠠᠩᠵᠠᠢᠢᠵᠠᠪ ᠤᠨ ᠣᠶᠤᠨ ᠨᠠᠷ ᠲᠤ ᠮᠣᠩ᠋ᠭᠣᠯ ᠤᠯᠤᠰ ᠤᠨ ᠲᠥᠷᠦ ᠶᠢᠨ ᠱᠠᠩᠨᠠᠯ ᠬᠦᠷᠲᠡᠭᠡᠰᠦᠭᠡᠢ》 ᠭᠡᠵᠡᠢ᠃
ᠮᠣᠩ᠋ᠭᠣᠯ ᠤᠯᠤᠰ ᠤᠨ ᠶᠡᠷᠦᠩᠬᠡᠶᠢᠯᠡᠭᠴᠢ ᠶᠢᠨ ᠵᠠᠷᠯᠢᠭ ᠢ ᠤᠩᠰᠢᠵᠤ ᠰᠣᠨᠤᠷᠳᠠᠭᠤᠯᠤᠭᠰᠠᠨ ᠤ ᠳᠠᠷᠠᠭ᠎ᠠ ᠮᠣᠩ᠋ᠭᠣᠯ ᠤᠯᠤᠰ ᠤᠨ ᠶᠡᠷᠦᠩᠬᠡᠶᠢᠯᠡᠭᠴᠢ ᠬ ∙ ᠪᠠᠲᠤᠲᠤᠯᠭ᠎ᠠ ᠄
ᠮᠣᠩ᠋ᠭᠣᠯᠴᠤᠳ ᠠ᠋᠂ ᠡᠷᠬᠢᠮ ᠤᠷᠠᠨ ᠪᠦᠲᠦᠭᠡᠯᠴᠢᠳ ᠡ
ᠦᠨᠳᠦᠰᠦᠨ ᠦ ᠡᠷᠬᠡ ᠴᠢᠯᠦᠭᠡ᠂ ᠲᠤᠰᠠᠭᠠᠷ ᠲᠣᠭᠲᠠᠨᠢᠯ ᠢᠶᠠᠨ ᠰᠡᠷᠭᠦᠭᠡᠨ ᠮᠠᠨᠳᠤᠭᠤᠯᠤᠭᠰᠠᠨ ᠤ 108 ᠵᠢᠯ ᠦᠨ ᠥᠯᠵᠡᠢ ᠪᠡᠯᠭᠡ ᠲᠡᠢ ᠡᠨᠡ ᠡᠳᠦᠷ 2019 ᠣᠨ ᠤ ᠮᠣᠩ᠋ᠭᠣᠯ ᠤᠯᠤᠰ ᠤᠨ ᠲᠥᠷᠥ ᠶᠢᠨ ᠱᠠᠩᠨᠠᠯ ᠢ 《ᠬᠠᠷᠠᠩᠭ᠎ᠠ》 ᠬᠠᠮᠲᠤᠯᠢᠭ ᠤᠨ ᠤᠷᠠᠨ ᠪᠦᠲᠦᠭᠡᠯ ᠦᠳ ᠲᠦ ᠬᠦᠷᠲᠡᠭᠡᠵᠦ ᠪᠠᠶᠢᠨ᠎ᠠ᠃
1989 ᠣᠨ ᠳᠤ 《ᠠᠮᠢᠳᠤᠷᠠᠯ》 ᠬᠡᠮᠡᠬᠦ ᠠᠩᠬᠠᠨ ᠤ ᠲᠣᠭᠯᠠᠯᠲᠠ ᠪᠠᠨ ᠬᠢᠭᠰᠡᠨ 《ᠬᠠᠷᠠᠩᠭ᠎ᠠ》 ᠬᠠᠮᠲᠤᠯᠢᠭ ᠵᠠᠮᠨᠠᠯ ᠤᠨ ᠢᠶᠠᠨ ᠲᠤᠷᠰᠢᠳᠠ ᠮᠣᠩ᠋ᠭᠣᠯ ᠴᠤᠳ ᠤᠨ ᠲᠠᠭᠠᠰᠢᠶᠠᠯ ᠳᠤ ᠬᠦᠷᠦᠭᠰᠡᠨ ᠣᠯᠠᠨ ᠠᠷᠪᠠᠨ ᠪᠦᠲᠦᠭᠡᠯ ᠲᠤᠭᠤᠷᠪᠢᠭᠰᠠᠨ᠃ ᠲᠡᠳᠡᠭᠡᠷ ᠡᠴᠡ 10 ᠪᠦᠲᠦᠭᠡᠯ ᠢ ᠣᠨᠴᠠᠯᠠᠨ ᠲᠥᠷᠥ ᠶᠢᠨ ᠱᠠᠩᠨᠠᠯ ᠳᠤ ᠨᠡᠷ᠎ᠡ ᠳᠡᠪᠰᠢᠭᠦᠯᠵᠦ ᠴ ∙ ᠡᠩᠬᠡᠮᠠᠩᠯᠠᠶᠢᠭᠠ ᠶᠢᠨ ᠦᠭᠡ᠂ ᠠᠶ᠎ᠠ 《ᠠᠮᠢᠳᠤᠷᠠᠯ》᠂ ᠴ ∙ ᠴᠢᠯᠠᠭᠤᠨᠪᠠᠲᠤ ᠶᠢᠨ ᠠᠶ᠎ᠠ᠂ ᠪ ∙ ᠢᠪᠠᠤᠬᠤᠯᠤᠩ ᠤᠨ ᠰᠢᠯᠦᠭ 《ᠵᠥᠪᠬᠡᠨ ᠮᠣᠩ᠋ᠭᠣᠯ ᠳᠤ ᠪᠠᠨ》᠂ ᠴ ∙ ᠴᠢᠯᠠᠭᠤᠨᠪᠠᠲᠤ ᠶᠢᠨ ᠠᠶ᠎ᠠ᠂ ᠰ ∙ ᠣᠶᠤᠨ ᠤ ᠦᠭᠡ 《ᠦᠭᠡᠶᠢᠯᠡᠨ ᠰᠠᠨᠠᠨ᠎ᠠ》᠂ ᠶᠠ᠊ ∙ ᠣᠳᠤᠰᠦ᠋ᠷᠦᠩ ᠦᠨ ᠠᠶ᠎ᠠ᠂ ᠴ ∙ ᠡᠩᠬᠡᠮᠠᠩᠯᠠᠢ ᠶᠢᠨ ᠦᠭᠡ 《ᠡᠨᠡ ᠪᠣᠯ ᠳᠤᠷᠠᠯᠠᠯ ᠪᠢᠰᠢ》 ᠴ ∙ ᠴᠢᠯᠠᠭᠤᠨᠪᠠᠲᠤ ᠶᠢᠨ ᠠᠶ᠎ᠠ᠂ ᠭ ∙ ᠪᠠᠲᠤᠬᠦᠦ ᠶᠢᠨ ᠦᠭᠡ 《ᠲᠣᠯᠢᠨ ᠬᠤᠯᠠ》 ᠵᠡᠷᠭᠡ ᠣᠯᠠᠨ ᠤ ᠰᠡᠳᠬᠢᠯ ᠳᠥ ᠲᠣᠳᠣ ᠪᠠᠭᠤᠭᠰᠠᠨ ᠲᠠᠪᠤᠨ ᠪᠦᠲᠦᠭᠡᠯ ᠢ ᠨᠡᠷ᠎ᠡ ᠴᠣᠬᠣᠨ ᠱᠠᠩᠨᠠᠵᠤ ᠪᠠᠶᠢᠭ᠎ᠠ ᠶᠤᠮ᠃
ᠮᠣᠩ᠋ᠭᠣᠯ ᠤᠨ ᠠᠷᠠᠳ ᠲᠦᠮᠡᠨ ᠦ ᠣᠶᠤᠨ ᠰᠠᠨᠠᠭ᠎ᠠ᠂ ᠰᠡᠳᠬᠢᠯ ᠵᠢᠷᠦᠬᠡᠨ ᠳᠥ ᠬᠣᠨᠣᠭᠰᠢᠭᠰᠠᠨ ᠣᠨᠴᠤᠭᠤᠢ ᠪᠦᠲᠦᠭᠡᠯ ᠦᠳ ᠢ ᠲᠤᠭᠤᠷᠪᠢᠨ ᠮᠣᠩ᠋ᠭᠣᠯ ᠤᠯᠤᠰ ᠤᠨ ᠣᠷᠴᠢᠨ ᠦᠶ᠎ᠡ ᠶᠢᠨ ᠬᠥᠭ᠍ᠵᠢᠮ ᠦᠨ ᠤᠷᠠᠯᠢᠭ ᠲᠤ ᠦᠨᠡᠲᠡᠢ ᠬᠤᠪᠢ ᠨᠡᠮᠡᠷᠢ ᠣᠷᠣᠭᠤᠯᠤᠭᠰᠠᠨ 《ᠬᠠᠷᠠᠩ᠋ᠭ᠎ᠠ》 ᠬᠠᠮᠲᠤᠯᠢᠭ ᠤᠨ ᠤᠷᠠᠨ ᠪᠦᠲᠦᠭᠡᠯ ᠦᠳ ᠲᠥ ᠮᠣᠩ᠋ᠭᠣᠯ ᠤᠯᠤᠰ ᠤᠨ ᠲᠥᠷᠦ ᠶᠢᠨ ᠱᠠᠩᠨᠠᠯ ᠢ ᠣᠯᠭᠤᠯ᠎ᠠ᠃
ᠲᠠ ᠪᠦᠬᠦᠨ ᠳᠥ ᠤᠷᠠᠨ ᠪᠦᠲᠦᠭᠡᠯ ᠦᠨ ᠰᠢᠨ᠎ᠡ ᠠᠮᠵᠢᠯᠲᠠ ᠬᠦᠰᠡᠵᠦ᠂ ᠰᠠᠶᠢᠨ ᠰᠠᠶᠢᠬᠠᠨ ᠪᠦᠬᠦᠨ ᠢ ᠢᠷᠦᠭᠡᠶ᠎ᠡ᠃
ᠮᠥᠩᠬᠡ ᠲᠩᠷᠢ ᠶᠢᠨ ᠬᠦᠴᠦᠨ ᠳᠣᠣᠷ᠎ᠠ ᠮᠣᠩ᠋ᠭᠣᠯ ᠤᠨ ᠳᠠᠭᠤᠤ ᠬᠥᠭ᠍ᠵᠢᠮ ᠥᠨᠢᠳᠡ ᠳᠠᠭᠤᠷᠢᠰᠤᠨ᠂ ᠮᠣᠩ᠋ᠭᠣᠯ ᠲᠦᠮᠡᠨ ᠢᠶᠡᠨ ᠠᠰᠢᠳᠠ ᠪᠠᠶᠠᠰᠬᠠᠵᠤ ᠪᠠᠶᠢᠬᠤ ᠪᠣᠯᠲᠤᠭᠠᠢ》 ᠭᠡᠯᠡ᠃