Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ᠄ ᠡᠪ ᠲᠦᠨᠵᠢᠩᠲᠡᠢ ᠪᠠᠢᠢᠬᠤ ᠢᠢᠨ ᠴᠢᠬᠤᠯᠠ ᠢᠢ ᠲᠤᠩ᠋ᠭᠠᠭᠠᠨ ᠤᠬᠠᠮᠰᠠᠷᠯᠠᠬᠤ ᠢᠢ ᠮᠣᠩ᠋ᠭᠣᠯ ᠬᠦᠮᠦᠨ ᠪᠦᠷᠢ ᠳᠥ ᠰᠠᠨᠠᠭᠤᠯᠤᠨ ᠬᠡᠯᠡᠶ᠎ᠡ

ᠮᠣᠩ᠋ᠭᠣᠯᠴᠤᠳ ᠦᠨᠳᠦᠰᠦᠨ ᠦ ᠡᠷᠬᠡ ᠴᠢᠯᠦᠭᠡ᠂ ᠲᠤᠰᠠᠭᠠᠷ ᠲᠣᠭᠲᠠᠨᠢᠯ ᠢᠶᠠᠨ ᠰᠡᠷᠭᠦᠭᠡᠨ ᠮᠠᠨᠳᠤᠭᠤᠯᠤᠭᠰᠠᠨ ᠤ 108 ᠵᠢᠯ ᠦᠨ ᠣᠢ ᠢᠢᠨ ᠡᠳᠦᠷ ᠲᠥ ᠵᠣᠷᠢᠭᠤᠯᠤᠭᠰᠠᠨ᠂ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠨᠡᠷᠡᠮᠵᠢᠲᠦ ᠴᠣᠮᠣ ᠢᠢᠨ ᠲᠥᠯᠦᠭᠡᠬᠢ ᠰᠢᠭᠰᠢᠮᠡᠯ᠂ ᠴᠢᠨᠰᠠᠭ᠎ᠠ ᠥᠨᠳᠦᠷ 128 ᠪᠥᠬᠡ ᠢᠢᠨ ᠪᠠᠷᠢᠯᠳᠤᠭᠠᠨ ᠥᠨᠥᠳᠥᠷ 《ᠪᠤᠶᠠᠨᠲᠤ-ᠬᠤᠸᠠ》 ᠰᠫᠣᠷᠲ ᠴᠣᠭᠴᠠᠯᠠᠪᠤᠷᠢ ᠳᠤ ᠡᠬᠢᠯᠡᠯ᠎ᠡ᠃

ᠪᠥᠬᠡ ᠢᠢᠨ ᠪᠠᠷᠢᠯᠳᠤᠭᠠᠨ ᠢ ᠨᠡᠭᠡᠭᠡᠵᠦ᠂ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ᠄
ᠮᠣᠩ᠋ᠭᠣᠯ ᠤᠯᠤᠰ ᠤᠨ ᠢᠷᠭᠡᠳ ᠡ᠂
ᠳᠡᠯᠡᠬᠡᠢ ᠳᠠᠶᠠᠭᠠᠷ ᠲᠤ ᠲᠠᠷᠬᠠᠨ ᠰᠠᠭᠤᠷᠢᠰᠢᠭ᠌ᠰᠠᠨ ᠮᠣᠩ᠋ᠭᠣᠯᠴᠤᠳ ᠠ᠋᠂

ᠲᠠ ᠪᠦᠬᠦᠨ ᠳᠥ ᠦᠨᠳᠦᠰᠦᠨ ᠦ ᠡᠷᠬᠡ ᠴᠢᠯᠦᠭᠡ᠂ ᠲᠤᠰᠠᠭᠠᠷ ᠲᠣᠭᠲᠠᠨᠢᠯ ᠢᠶᠠᠨ ᠰᠡᠷᠭᠦᠭᠡᠨ ᠮᠠᠨᠳᠤᠭᠤᠯᠤᠭᠰᠠᠨ ᠤ 108 ᠵᠢᠯ ᠦᠨ ᠣᠢ ᠢᠢᠨ ᠥᠯᠵᠡᠢᠢᠲᠦ ᠡᠳᠦᠷ ᠦᠨ ᠮᠡᠨᠳᠦ ᠢᠢ ᠳᠡᠪᠰᠢᠭᠦᠯᠦᠶ᠎ᠡ᠃

ᠥᠨᠥᠳᠥᠷ ᠡᠴᠡ ᠶᠠᠭ 108 ᠵᠢᠯ ᠦᠨ ᠡᠮᠦᠨᠡᠬᠢ ᠡᠨᠡ ᠡᠳᠦᠷ ᠣᠳᠣ ᠢᠢᠨ ᠮᠣᠩ᠋ᠭᠣᠯ ᠤᠯᠤᠰ ᠤᠨ ᠶᠡᠬᠡ ᠰᠤᠷᠭᠠᠭᠤᠯᠢ ᠢᠢᠨ ᠲᠥᠪ ᠪᠠᠢᠢᠷᠢ᠂ ᠲᠤᠬᠠᠢ ᠢᠢᠨ ᠦᠶ᠎ᠡ ᠢᠢᠨ ᠪᠣᠭᠳᠠ ᠢᠢᠨ ᠰᠢᠷ᠎ᠠ ᠣᠷᠳᠣᠨ ᠤ ᠡᠮᠦᠨᠡᠬᠢ ᠲᠠᠯᠠᠪᠠᠢ ᠳᠤ ᠴᠢᠩᠭᠢᠰ ᠬᠠᠭᠠᠨ ᠤ ᠠᠯᠲᠠᠨ ᠤᠷᠤᠭ ᠤᠨ ᠬᠠᠨ ᠨᠣᠶᠠᠳ᠂ ᠶᠡᠬᠡᠰ ᠳᠡᠭᠡᠳᠦᠰ᠂ ᠯᠠᠮ᠎ᠠ᠂ ᠬᠠᠷ᠎ᠠ᠂ ᠳᠠᠶᠠᠭᠠᠷ ᠮᠣᠩ᠋ᠭᠣᠯ  ᠤᠨ ᠲᠥᠯᠥᠭᠡᠯᠡᠯ ᠣᠷᠣᠯᠴᠠᠭᠰᠠᠨ ᠲᠥᠷᠥ ᠢᠢᠨ ᠶᠡᠬᠡ ᠶᠣᠰᠣᠯᠠᠯ ᠪᠣᠯᠵᠠᠢ᠃

ᠡᠨᠡ ᠪᠣᠯ ᠾᠢᠦᠩᠨᠦ ᠭᠦᠷᠦᠨ ᠡᠴᠡ ᠡᠬᠢ ᠲᠡᠢ᠂ ᠬᠦᠴᠦᠷᠬᠡᠭ᠌ ᠶᠡᠬᠡ ᠮᠣᠩ᠋ᠭᠣᠯ ᠤᠯᠤᠰ ᠤᠨ ᠭᠠᠯ ᠭᠣᠯᠣᠮᠲᠠ ᠰᠡᠷᠭᠦᠵᠦ ᠪᠤᠢ ᠲᠡᠦᠬᠡᠨ ᠦᠢᠯᠡ ᠶᠠᠪᠤᠳᠠᠯ ᠪᠠᠢᠢᠯ᠎ᠠ᠃ ᠡᠨᠡ ᠪᠣᠯ ᠶᠡᠬᠡ ᠡᠵᠡᠨ ᠴᠢᠩᠭᠢᠰ ᠬᠠᠭᠠᠨ ᠤ ᠦᠷ᠎ᠡ ᠬᠣᠢᠢᠴᠢᠰ ᠡᠷᠲᠡᠨ ᠦ ᠲᠡᠦᠬᠡᠲᠦ ᠲᠥᠷᠦ ᠤᠯᠤᠰ ᠢᠶᠠᠨ ᠰᠡᠷᠭᠦᠭᠡᠨ ᠪᠠᠢᠢᠭᠤᠯᠵᠤ᠂ ᠲᠤᠰᠠᠭᠠᠷ ᠲᠣᠭᠲᠠᠨᠢᠭᠰᠠᠨ᠂ ᠪᠡᠶ᠎ᠡ ᠳᠠᠭᠠᠭᠰᠠᠨ ᠤᠯᠤᠰ ᠪᠣᠯᠤᠭᠰᠠᠨ ᠢᠶᠠᠨ ᠳᠡᠯᠡᠬᠡᠢ ᠨᠡᠢᠢᠲᠡ ᠳᠥ ᠠᠯᠪᠠᠨ ᠶᠣᠰᠣᠭᠠᠷ ᠲᠤᠩᠬᠠᠭᠯᠠᠭᠰᠠᠨ ᠡᠳᠦᠷ ᠪᠠᠢᠢᠯ᠎ᠠ᠃

ᠡᠨᠡ ᠡᠳᠦᠷ ᠨᠡᠢᠢᠰᠯᠡᠯ ᠬᠦᠷᠢᠶ᠎ᠡ ᠪᠠᠶᠠᠷ ᠪᠠᠬᠠᠳᠤᠯ ᠢᠶᠠᠷ ᠴᠠᠯᠭᠢᠵᠤ᠂ ᠮᠣᠩ᠋ᠭᠣᠯ ᠬᠦᠮᠦᠨ ᠪᠦᠷᠢ ᠢᠢᠨ ᠮᠠᠩᠨᠠᠢ ᠲᠡᠨᠢᠢᠵᠦ᠂ ᠶᠠᠳᠠᠷᠠᠭᠰᠠᠨ ᠮᠣᠩ᠋ᠭᠣᠯᠴᠤᠳ ᠤᠨ ᠴᠢᠷᠠᠢ ᠳᠤ ᠨᠠᠷᠠ ᠭᠡᠢᠢᠭᠰᠡᠨ ᠭᠡᠳᠡᠭ ᠶᠤᠮ᠃

ᠲᠡᠦᠬᠡ ᠰᠥᠬᠥᠪᠡᠰᠦ ᠮᠠᠨᠵᠤ ᠳᠤ 1636 ᠣᠨ ᠳᠤ ᠡᠮᠦᠨᠡᠲᠦ ᠮᠣᠩ᠋ᠭᠣᠯ ᠨᠢᠭᠡᠳᠦᠭᠰᠡᠨ ᠡᠴᠡ ᠬᠣᠢᠢᠰᠢ᠂ 1691 ᠣᠨ ᠳᠤ ᠬᠠᠯᠬ᠎ᠠ ᠮᠣᠩ᠋ᠭᠣᠯ ᠨᠢᠭᠡᠳᠦᠭᠰᠡᠨ ᠡᠴᠡ ᠬᠣᠢᠢᠰᠢ᠂ 1750 ᠍ ᠊ ‍ᠭᠠᠳ ᠣᠨ ᠤ ᠳᠤᠮᠳᠠ ᠵᠡᠭᠦᠨ ᠭᠠᠷ ᠪᠤᠶᠤ ᠣᠢᠢᠷᠠᠳ ᠮᠣᠩ᠋ᠭᠣᠯ ᠮᠠᠨᠵᠤ ᠳᠤ ᠬᠦᠴᠦ ᠪᠡᠷ ᠡᠵᠡᠯᠡᠭᠳᠡᠭᠰᠡᠨ ᠡᠴᠡ ᠬᠣᠢᠢᠰᠢ ᠪᠠᠭ᠎ᠠ ᠪᠠᠷ ᠪᠣᠳᠣᠬᠤ ᠳᠤ 150 ᠭᠠᠷᠤᠢ ᠵᠢᠯ ᠦᠨ ᠲᠤᠷᠰᠢ᠂ ᠤᠷᠤᠭᠰᠢᠯᠠᠨ ᠪᠣᠳᠣᠪᠠᠯ 200 ᠭᠠᠷᠤᠢ ᠵᠢᠯ ᠦᠨ ᠬᠤᠭᠤᠴᠠᠭᠠᠨ ᠳᠤ ᠢᠯᠡ ᠳᠠᠯᠳᠠ ᠥᠷᠨᠢᠭᠦᠯᠦᠭᠰᠡᠨ ᠦᠨᠳᠦᠰᠦᠨ ᠦ ᠲᠡᠮᠡᠴᠡᠯ ᠵᠣᠷᠢᠯᠭ᠎ᠠ ᠳᠤ ᠪᠠᠨ ᠬᠦᠷᠴᠦ᠂ ᠦᠨᠳᠦᠰᠦᠨ ᠦ ᠡᠷᠬᠡ ᠴᠢᠯᠦᠭᠡ ᠪᠡᠨ ᠪᠠᠲᠤᠵᠢᠭᠤᠯᠵᠤ᠂ ᠲᠤᠰᠠᠭᠠᠷ ᠲᠣᠭᠲᠠᠨᠢᠯ ᠢᠶᠠᠨ ᠰᠡᠷᠭᠦᠭᠡᠭ᠍ᠰᠡᠨ ᠢᠶᠡᠷ ᠮᠣᠩ᠋ᠭᠣᠯᠴᠤᠳ ᠤᠨ ᠲᠡᠦᠬᠡᠨ ᠳᠥ ᠰᠢᠨ᠎ᠡ ᠡᠷᠡᠨ ᠦᠶ᠎ᠡ ᠡᠬᠢᠯᠡᠭᠰᠡᠨ ᠶᠤᠮ᠃

1911 ᠣᠨ ᠤ ᠦᠨᠳᠦᠰᠦᠨ ᠦ ᠬᠤᠪᠢᠰᠬᠠᠯ ᠨᠢ ᠮᠣᠩ᠋ᠭᠣᠯ  ᠤᠨ ᠭᠠᠯ ᠭᠣᠯᠣᠮᠲᠠ ᠢᠢ ᠰᠡᠷᠭᠦᠭᠡᠨ ᠪᠠᠳᠠᠷᠠᠭᠠᠭᠰᠠᠨ ᠢᠶᠠᠷ ᠢᠶᠠᠨ᠂ ᠮᠣᠩ᠋ᠭᠣᠯ ᠦᠨᠳᠦᠰᠦᠲᠡᠨ ᠦ ᠴᠢᠨᠠᠭᠰᠢᠳᠠ ᠣᠷᠣᠰᠢᠨ ᠪᠠᠢᠢᠬᠤ ᠦᠨᠳᠦᠰᠦ ᠢᠢ ᠲᠠᠪᠢᠭᠰᠠᠨ ᠢᠶᠠᠷ ᠢᠶᠠᠨ᠂ ᠦᠨᠳᠦᠰᠦᠨ ᠦ ᠤᠯᠠᠮᠵᠢᠯᠠᠯ᠂ ᠵᠠᠩ ᠵᠠᠩᠰᠢᠯ᠂ ᠲᠡᠦᠬᠡ ᠰᠣᠶᠣᠯ ᠢ ᠪᠠᠳᠠᠷᠠᠭᠤᠯᠬᠤ ᠦᠨᠳᠦᠰᠦ ᠪᠣᠯᠤᠭᠰᠠᠨ ᠢᠶᠠᠷ ᠢᠶᠠᠨ 108 ᠵᠢᠯ ᠦᠨ ᠲᠡᠷᠲᠡᠭᠡᠬᠢ ᠪᠢᠳᠡᠨ ᠦ ᠡᠪᠦᠭᠡ ᠳᠡᠭᠡᠳᠦᠰ ᠦᠨ ᠤᠬᠠᠭᠠᠯᠢᠭ ᠪᠣᠳᠣᠯᠭ᠎ᠠ᠂ ᠰᠢᠢᠳᠪᠦᠷᠢᠲᠡᠢ ᠠᠯᠬᠤᠮ ᠤᠨ ᠬᠦᠴᠦ ᠪᠡᠷ ᠥᠨᠥ ᠢᠢᠨ ᠮᠣᠩ᠋ᠭᠣᠯ  ᠤᠨ ᠦᠨᠳᠦᠰᠦ ᠢᠢ ᠲᠠᠯᠪᠢᠭᠰᠠᠨ ᠪᠢᠯᠡ᠃

ᠥᠨᠥ ᠵᠢᠯ 1911 ᠣᠨ ᠤ ᠦᠨᠳᠦᠰᠦᠨ ᠦ ᠡᠷᠬᠡ ᠴᠢᠯᠦᠭᠡᠨ ᠦ ᠬᠤᠪᠢᠰᠬᠠᠯ ᠤᠨ ᠮᠠᠩᠯᠠᠢᠢᠯᠠᠭᠴᠢᠳ ᠪᠣᠯᠬᠤ ᠪᠣᠭᠳᠠ ᠬᠠᠭᠠᠨ ᠤ ᠮᠡᠨᠳᠦᠯᠡᠭᠰᠡᠨ ᠦ 150 ᠵᠢᠯ ᠦᠨ ᠣᠢ᠂ ᠴᠢᠩ ᠸᠠᠩ ᠬᠠᠨᠳᠤᠳᠣᠷᠵᠢ᠂ ᠴᠠᠭᠳᠠᠷᠵᠠᠪ ᠨᠠᠷ ᠤᠨ 140 ᠵᠢᠯ ᠦᠨ ᠣᠢ ᠲᠣᠬᠢᠶᠠᠵᠤ᠂ ᠣᠢ ᠢᠢ ᠡᠪᠦᠭᠡ ᠳᠡᠭᠡᠳᠦᠰ ᠦᠨ ᠢᠶᠡᠨ ᠲᠡᠦᠬᠡᠨ ᠭᠠᠪᠢᠶ᠎ᠠ ᠢᠢ ᠢᠮᠠᠭᠲᠠ ᠳᠤᠷᠠᠰᠤᠨ ᠬᠦᠨᠳᠦᠳᠬᠡᠵᠦ᠂ ᠬᠣᠢᠢᠴᠢ ᠦᠶ᠎ᠡ ᠳᠡᠭᠡᠨ ᠲᠤᠰᠠᠭᠠᠷ ᠲᠣᠭᠲᠠᠨᠢᠯ ᠤᠨ ᠦᠨ᠎ᠡ ᠴᠢᠨ᠂ ᠠᠴᠢ ᠬᠣᠯᠪᠣᠭᠳᠠᠯ ᠢ ᠣᠢᠢᠯᠠᠭᠠᠭᠤᠯᠵᠤ᠂ ᠬᠠᠢᠢᠷᠠᠯᠠᠨ ᠬᠠᠮᠠᠭᠠᠯᠠᠬᠤ ᠡᠬᠡ ᠣᠷᠣᠨᠴᠢ᠂ ᠦᠨᠳᠦᠰᠦᠨ ᠦ ᠦᠵᠡᠯ ᠤᠬᠠᠮᠰᠠᠷ ᠢ ᠲᠥᠯᠦᠪᠰᠢᠭᠦᠯᠬᠦ ᠠᠭᠤᠯᠭ᠎ᠠ ᠲᠠᠢ ᠪᠠᠷ ᠲᠡᠮᠳᠡᠭᠯᠡᠨ ᠥᠩᠭᠡᠷᠡᠭᠦᠯᠦᠭᠰᠡᠨ ᠢ ᠳᠤᠷᠠᠳᠬᠤ ᠳᠤ ᠲᠠᠭᠠᠲᠠᠢ ᠪᠠᠢᠢᠨ᠎ᠠ᠃

ᠮᠣᠩ᠋ᠭᠣᠯ  ᠤᠨ ᠲᠡᠦᠬᠡ ᠪᠣᠯ ᠵᠥᠪᠬᠡᠨ ᠮᠣᠩ᠋ᠭᠣᠯᠴᠤᠳ ᠤᠨ ᠲᠡᠦᠬᠡ ᠪᠡᠷ ᠬᠢᠵᠠᠭᠠᠷᠯᠠᠭᠳᠠᠬᠤ ᠦᠭᠡᠢ ᠳᠡᠯᠡᠬᠡᠢ ᠢᠢᠨ ᠡᠩ ᠢᠶᠡᠷ ᠪᠢᠴᠢᠭᠳᠡᠭᠰᠡᠨ ᠠᠭᠤᠤ ᠶᠡᠬᠡ ᠲᠡᠦᠬᠡ ᠬᠡᠳᠦᠢ ᠴᠤ ᠣᠮᠣᠭᠰᠢᠯ ᠪᠠᠬᠠᠷᠬᠠᠯ᠂ ᠭᠡᠮᠰᠢᠯ ᠤᠬᠠᠭᠠᠷᠠᠯ ᠢ ᠬᠣᠣᠰᠯᠠᠭᠤᠯᠤᠭᠰᠠᠨ ᠰᠤᠷᠭᠠᠮᠵᠢᠲᠤ ᠶᠡᠬᠡ ᠲᠤᠤᠯᠢᠰ ᠭᠡᠳᠡᠭ ᠢ ᠡᠨᠡ ᠡᠳᠦᠷ ᠪᠢᠳᠡ ᠰᠠᠨᠠᠵᠤ ᠰᠡᠷᠡᠬᠦ ᠶᠣᠰᠣᠲᠠᠢ᠃

ᠲᠡᠢᠢᠮᠦ ᠤᠴᠢᠷ ᠠᠴᠠ ᠦᠨᠳᠦᠰᠦᠨ ᠦ ᠡᠷᠬᠡ ᠴᠢᠯᠦᠭᠡ᠂ ᠲᠤᠰᠠᠭᠠᠷ ᠲᠣᠭᠲᠠᠨᠢᠯ ᠢᠶᠠᠨ ᠰᠡᠷᠭᠦᠭᠡᠭᠰᠡᠨ ᠦ ᠪᠠᠶᠠᠷ ᠤᠨ ᠡᠨᠡ ᠡᠳᠦᠷ ᠦᠨᠳᠦᠰᠦᠨ ᠦ ᠡᠷᠬᠡ ᠴᠢᠯᠦᠭᠡ᠂ ᠲᠤᠰᠠᠭᠠᠷ ᠲᠣᠭᠲᠠᠨᠢᠯ᠂ ᠪᠦᠷᠢᠨ ᠡᠷᠬᠡᠲᠦ ᠲᠥᠷᠥ ᠤᠯᠤᠰ ᠮᠠᠨᠢ ᠮᠣᠩ᠋ᠭᠣᠯ  ᠤᠨ ᠦᠶ᠎ᠡ ᠦᠶ᠎ᠡ ᠢᠢᠨ ᠮᠡᠷᠭᠡᠳ᠂ ᠡᠬᠡ ᠣᠷᠣᠨᠴᠢᠳ᠂ ᠡᠪᠦᠭᠡ ᠳᠡᠭᠡᠳᠦᠰ ᠦᠨ ᠬᠣᠯᠠᠴᠢ ᠮᠡᠷᠭᠡᠨ ᠤᠬᠠᠭᠠᠨ᠂ ᠡᠪ ᠰᠠᠨᠠᠭᠠᠨ ᠤ ᠬᠦᠴᠦ᠂ ᠬᠠᠯᠠᠭᠤᠨ ᠠᠮᠢ᠂ ᠪᠦᠯᠢᠶᠡᠨ ᠴᠢᠰᠤ᠂ ᠴᠡᠩᠨᠡᠰᠢ ᠦᠭᠡᠢ ᠦᠨ᠎ᠡ ᠪᠡᠷ ᠵᠠᠯᠭᠠᠮᠵᠢᠯᠠᠭᠳᠠᠭᠰᠠᠨ ᠢ ᠰᠠᠨᠠᠵᠤ ᠡᠷᠬᠢᠮᠯᠡᠨ ᠬᠣᠢᠢᠴᠢ ᠦᠶ᠎ᠡ ᠳᠡᠭᠡᠨ ᠭᠬᠢᠷ ᠦᠭᠡᠢ ᠠᠷᠢᠭᠤᠨ᠂ ᠪᠤᠷᠲᠠᠭ ᠦᠭᠡᠢ ᠴᠡᠪᠡᠷ ᠢᠶᠡᠷ ᠤᠯᠠᠮᠵᠢᠯᠠᠭᠤᠯᠬᠤ᠂ ᠡᠭᠦᠨ ᠦ ᠲᠤᠯᠠᠳᠠ ᠠᠯᠤᠰ ᠤᠨ ᠬᠠᠷᠠᠭ᠎ᠠ᠂ ᠤᠬᠠᠭᠠᠨ ᠤ ᠴᠠᠷᠠᠭ᠎ᠠ ᠲᠠᠢ᠂ ᠰᠣᠨᠣᠷ ᠰᠣᠷᠭᠣᠭ᠂ ᠡᠪ ᠲᠦᠨᠵᠢᠩᠲᠡᠢ ᠪᠠᠢᠢᠬᠤ ᠢᠢᠨ ᠴᠢᠬᠤᠯᠠ ᠢᠢ ᠲᠤᠩ᠋ᠭᠠᠭᠠᠨ ᠤᠬᠠᠮᠰᠠᠷᠯᠠᠬᠤ ᠢᠢ ᠮᠣᠩ᠋ᠭᠣᠯ ᠬᠦᠮᠦᠨ ᠪᠦᠷᠢ ᠳᠥ ᠰᠠᠨᠠᠭᠤᠯᠤᠨ ᠬᠡᠯᠡᠶ᠎ᠡ᠃

ᠮᠥᠩᠬᠡ ᠲᠩᠷᠢ ᠢᠢᠨ ᠬᠦᠴᠦᠨ ᠳᠣᠣᠷ᠎ᠠ ᠮᠣᠩ᠋ᠭᠣᠯ ᠤᠯᠤᠰ ᠮᠠᠨᠢ ᠬᠦᠴᠦᠷᠬᠡᠭ᠍ᠵᠢᠨ ᠮᠠᠨᠳᠤᠬᠤ ᠪᠣᠯᠲᠤᠭᠠᠢ》 ᠭᠡᠯ᠎ᠡ᠃